ᠬᠤᠷᠢᠮ ᠤᠨ ᠰᠢᠭᠦᠰᠦᠨ ᠤ ᠢᠷᠦᠭᠡᠯ | ᠤᠧᠮ ᠰᠠᠶᠢᠨ ᠠᠮᠤᠭᠤᠯᠠᠩ ᠲᠠᠨ ᠪᠤᠯᠲᠤᠭᠠᠢ︕ | ᠡᠩᠬᠡ ᠰᠠᠶᠢᠨ ᠵᠢᠷᠭᠠᠯᠠᠩ ᠲᠠᠨ ᠪᠤᠯᠲᠤᠭᠠᠢ︕ | ᠠᠷᠪᠠᠨ ᠵᠦᠭ ᠤᠨ ᠲᠤᠭᠤᠯᠤᠭᠰᠠᠨ ᠪᠤᠷᠬᠠᠳ ᠤᠨ | ᠷᠠᠰᠢᠶᠠᠨ ᠬᠦᠴᠦᠨ ᠲᠡᠭᠦᠰᠦᠭᠰᠡᠨ ᠢᠳᠡᠭᠡᠨ ᠤ ᠳᠡᠭᠡᠵᠢ | ᠰᠢᠳᠦᠯᠡᠩ ᠬᠤᠨᠢ ᠪᠠᠷ | ᠰᠢᠭᠦᠰᠦ ᠪᠤᠯᠭᠠᠨ ᠲᠠᠯᠪᠢᠭᠰᠠᠠᠨ | ᠰᠢᠲᠦᠭᠡᠨ ᠪᠤᠷᠬᠠᠨ ᠳᠤ | ᠨᠢᠨᠳᠡᠷ ᠪᠤᠯᠭᠠᠨ ᠲᠠᠯᠪᠢᠭᠰᠠᠨ | ᠬᠤᠷᠠᠭᠠᠨ ᠬᠤᠨᠢ ᠪᠠᠷ | ᠰᠢᠭᠦᠰᠦ ᠪᠤᠯᠭᠠᠨ ᠲᠠᠯᠪᠢᠭᠰᠠᠨ | ᠬᠤᠷᠠᠭᠰᠠᠨ ᠪᠦᠬᠦᠨ ᠳᠤ | ᠢᠳᠡᠭᠡᠨ ᠪᠤᠯᠭᠠᠨ ᠲᠠᠯᠪᠢᠭᠰᠠᠨ | ᠳᠤᠭᠤᠷᠠᠭ ᠰᠠᠶᠢᠬᠠᠨ ᠡᠪᠡᠷ ᠲᠠᠢ | ᠲᠦᠭᠦᠷᠢᠭ ᠰᠠᠶᠢᠬᠠᠨ ᠰᠡᠭᠦᠯ ᠲᠠᠢ | ᠬᠠᠨ᠎ᠠ ᠶᠢᠨ ᠴᠢᠨᠡᠭᠡᠨ ᠪᠠᠶ᠎ᠠ ᠲᠠᠢ | ᠬᠠᠪᠬᠠᠭᠠᠰᠤ ᠶᠢᠨ ᠴᠢᠨᠡᠭᠡᠨ ᠰᠡᠭᠦᠯ ᠲᠠᠢ | ᠠᠴᠠ ᠳᠦᠷᠪᠡᠨ ᠲᠤᠭᠤᠷᠠᠢ ᠲᠠᠢ | ᠠᠮᠠ ᠵᠢᠷᠭᠤᠭᠠᠨ ᠬᠦᠵᠦᠭᠦᠦ ᠲᠠᠢ | ᠠᠷᠪᠠᠨ ᠬᠤᠶᠠᠷ ᠰᠡᠭᠡᠷ ᠲᠠᠢ | ᠬᠤᠷᠢᠨ ᠳᠦᠷᠪᠡᠨ ᠬᠠᠪᠢᠷᠭ᠎ᠠ ᠲᠠᠢ | ᠬᠤᠲᠤᠭᠤᠷ ᠨᠠᠢᠮᠠᠨ ᠨᠢᠷᠤᠭᠤ ᠲᠠᠢ | ᠤᠬᠤᠷ ᠳᠦᠷᠪᠡᠨ ᠰᠦᠷᠪᠡᠭᠡ ᠲᠠᠢ | ᠮᠠᠩᠬᠠᠨ ᠴᠠᠭᠠᠨ ᠬᠤᠨᠢ ᠪᠠᠨ | ᠮᠠᠩᠨᠠᠢ ᠴᠠᠭᠠᠨ ᠵᠤᠮ᠎ᠠ ᠪᠤᠯᠭᠠᠵᠤ | ᠠᠷᠪᠠᠨ ᠵᠦᠭ ᠠᠴᠠ ᠵᠠᠯᠠᠷᠠᠵᠤ ᠢᠷᠡᠭᠰᠡᠨ | ᠠᠬ᠎ᠠ ᠳᠡᠭᠦᠦ ᠲᠠᠨ ᠳᠠᠭᠠᠨ | ᠢᠳᠡᠭᠡᠨ ᠤ ᠳᠡᠭᠡᠵᠢ ᠪᠤᠯᠭᠠᠨ | ᠡᠷᠭᠦᠨ ᠳᠡᠪᠰᠢᠭᠦᠯᠦᠶ᠎ᠡ᠃ |