ᠴᠢᠳᠬᠤᠮᠠᠯ ᠱᠠᠭ᠎ᠠ | ᠬᠤᠨᠢ᠂ ᠢᠮᠠᠭ᠎ᠠ᠂ ᠦᠬᠡᠷ ᠵᠢᠴᠢ ᠵᠡᠷᠯᠢᠭ ᠠᠮᠢᠳᠠᠨ ᠤ ᠱᠠᠭ᠎ᠠ ᠶᠢᠨ ᠬᠡᠯᠪᠡᠷᠢ ᠲᠦᠷᠰᠦ ᠪᠠᠷ ᠡᠬᠢ ᠵᠠᠭᠪᠤᠷ ᠠᠪᠴᠦ ᠠᠯᠳᠠ ᠮᠦᠡᠭᠭᠦ ᠬᠦᠷᠡᠯ ᠭᠠᠤᠯᠢ ᠪᠠᠷ | ᠴᠢᠳᠬᠤᠵᠦ ᠬᠢᠭᠰᠡᠨ ᠱᠠᠭ᠎ᠠ᠂ ᠮᠦᠡᠭᠭᠦᠨ ᠱᠠᠭ᠎ᠠ᠂ ᠬᠦᠷᠡᠯ ᠱᠠᠭ᠎ᠠ᠂ ᠭᠠᠤᠯᠢᠨ ᠱᠠᠭ᠎ᠠ ᠬᠡᠵᠦ ᠬᠡᠯᠡᠳᠡᠭ ᠪᠠᠶᠢᠨ᠎ᠠ᠃ | ᠮᠤᠩᠭᠤᠯᠴᠤᠳ ᠠᠯᠳᠠ᠂ ᠮᠦᠡᠭᠭᠦ ᠪᠠᠷ ᠴᠢᠳᠬᠤᠵᠦ ᠬᠢᠭᠰᠡ ᠱᠠᠭ᠎ᠠ ᠪᠠᠷ ᠨᠠᠭᠠᠳᠬᠤ ᠦᠬᠡᠢ᠃ ᠤᠴᠢᠷ ᠨᠢ ᠠᠯᠳᠠ ᠮᠦᠡᠭᠭᠦ ᠪᠤᠯᠪᠠᠰᠤ ᠬᠤᠪᠤᠷ ᠡᠷᠳᠡᠨᠢᠰ ᠤᠨ | ᠵᠦᠢᠯ ᠲᠤᠯᠠ ᠪᠤᠶᠠᠨ ᠬᠡᠰᠢᠭ ᠬᠠᠵᠠᠶᠢᠨ᠎ᠠ ᠬᠡᠵᠦ ᠦᠵᠡᠳᠡᠭ ᠪᠠᠶᠢᠵᠠᠢ᠃ ᠬᠡᠪᠡᠴᠦ ᠠᠯᠳᠠᠨ ᠱᠠᠭ᠎ᠠ᠂ ᠮᠦᠡᠭᠭᠦᠨ ᠱᠠᠭ᠎ᠠ ᠴᠢᠳᠬᠤᠵᠦ᠂ ᠦᠯᠵᠡᠢ ᠬᠡᠰᠢᠭ᠂ ᠪᠡᠯᠬᠡ | ᠲᠡᠮᠪᠡᠷᠢᠯ ᠤᠨ ᠬᠤᠪᠢ ᠳᠤ ᠬᠠᠳᠠᠭᠠᠯᠠᠬᠤ ᠵᠤᠷᠰᠢᠯ ᠲᠠᠢ ᠪᠠᠶᠢᠪᠠ᠃ ᠦᠡᠭᠭᠡᠷᠡᠭᠰᠡᠨ ᠨᠡᠶᠢᠬᠡᠮ ᠳᠤ ᠰᠢᠯᠢ ᠶᠢᠨ ᠭᠤᠤᠯ ᠠᠶᠢᠮᠠᠭ ᠤᠨ ᠵᠠᠷᠢᠮ ᠭᠠᠵᠠᠷ ᠲᠤ ᠬᠤᠨᠢ ᠲᠦᠮᠡᠨ | ᠲᠤᠯᠤᠭᠠᠢ ᠬᠦᠷᠪᠡᠯ ᠡᠵᠡᠨ ᠬᠠᠭᠠᠨ ᠳᠤ ᠬᠠᠳᠠᠭᠠᠯᠠᠬᠤ ᠵᠤᠷᠰᠢᠯ ᠪᠠᠶᠢᠭᠰᠠᠨ ᠢ ᠨᠤᠳᠤᠭ ᠤᠨ ᠪᠤᠭᠤᠷᠤᠯᠴᠤᠳ ᠣᠳᠤ ᠴᠤ ᠬᠡᠰᠡᠨ ᠬᠠᠭᠤᠴᠢᠯᠠᠵᠦ ᠰᠠᠭᠤᠳᠠᠭ᠃ ᠬᠦᠷᠡᠯ | ᠂ ᠭᠠᠤᠯᠢ ᠪᠠᠷ ᠱᠠᠭ᠎ᠠ ᠴᠢᠳᠬᠤᠵᠦ ᠨᠠᠭᠠᠳᠴᠦ ᠪᠠᠶᠢᠭᠰᠠᠨ ᠨᠢ ᠡᠷᠳᠡᠨ ᠤ ᠨᠤᠮ ᠪᠢᠴᠢᠭ ᠲᠤ ᠲᠡᠮᠳᠡᠭᠯᠡᠭᠳᠡᠨ ᠬᠤᠴᠤᠷᠤᠭᠰᠠᠨ ᠢ ᠪᠢᠳᠡᠨ ᠮᠡᠳᠡᠵᠦ ᠪᠤᠢ᠃ | ᠬᠦᠷᠡᠯ ᠱᠠᠭ᠎ᠠ᠂ ᠭᠠᠤᠯᠢᠨ ᠱᠠᠭ᠎ᠠ ᠪᠠᠷ ᠴᠢᠯᠦᠬᠡᠯᠡᠭᠳᠡᠬᠦ ᠶᠢᠨ ᠡᠮᠦᠨ᠎ᠡ ᠬᠦᠷᠳᠡᠯ᠎ᠡ ᠨᠠᠭᠠᠳᠴᠦ ᠪᠠᠶᠢᠵᠠᠢ᠃ ᠰᠦᠨᠢᠳ ᠤᠨ ᠴᠠᠭᠠᠨ ᠤᠪᠤᠭ᠎ᠠ ᠰᠦᠮ᠎ᠡ ᠶᠢᠨ | ᠲᠠᠷᠬᠠᠨ ᠪᠠᠭᠠᠳᠤᠷ ᠬᠡᠰᠡᠨ ᠬᠦᠮᠦᠨ ᠭᠠᠤᠯᠢ ᠪᠠᠷ ᠱᠠᠭ᠎ᠠ ᠶᠢ ᠤᠨᠴᠠ ᠰᠠᠶᠢᠬᠠᠨ ᠴᠢᠳᠬᠤᠵᠦ᠂ ᠭᠤᠶᠤ ᠬᠢᠳᠡᠭ ᠰᠠᠶᠢᠨ ᠲᠠᠷᠬᠠᠨ ᠪᠠᠶᠢᠭᠰᠠᠨ᠃ ᠲᠡᠬᠦᠨ ᠤ ᠬᠢᠭᠰᠡᠨ | ᠭᠠᠤᠯᠢᠨ ᠱᠠᠭ᠎ᠠ ᠶᠢ ᠮᠡᠳᠡᠳᠡᠭ ᠬᠦᠮᠦᠨ ᠤᠳᠤ ᠪᠤᠯᠳᠠᠯ᠎ᠠ ᠠᠮᠢᠳᠦ ᠰᠡᠷᠡᠬᠦᠨ ᠪᠠᠶᠢᠭᠰᠠᠭᠠᠷ ᠪᠢᠯᠡ᠃ | ᠮᠠᠨ ᠤ ᠮᠤᠩᠭᠤᠯᠴᠤᠳ ᠤᠨ ᠲᠤᠮᠳᠠ᠂ ᠡᠷᠳᠡᠨ ᠠᠴᠠ ᠠᠪᠤᠭᠠᠳ ᠱᠠᠭ᠎ᠠ ᠲᠤᠭᠯᠠᠭᠠᠮ ᠦᠷᠬᠡᠨ ᠲᠡᠯᠬᠡᠷᠡᠵᠦ ᠪᠠᠶᠢᠭᠰᠠᠨ ᠪᠦᠬᠡᠳ ᠱᠠᠭ᠎ᠠ ᠶᠢᠨ ᠲᠦᠷᠦᠯ | ᠵᠦᠢᠯ ᠨᠢ ᠤᠯᠠᠨ᠂ ᠮᠠᠯ ᠤᠨ ᠱᠠᠭ᠎ᠠ᠂ ᠵᠡᠬᠡᠷ᠎ᠡ ᠬᠦᠷᠦᠬᠡᠰᠦᠨ ᠤ ᠱᠠᠭ᠎ᠠ᠂ ᠠᠷᠭᠠᠯᠢ ᠶᠢᠨ ᠱᠠᠭ᠎ᠠ᠂ ᠪᠤᠭᠤ ᠶᠢᠨ ᠱᠠᠭ᠎ᠠ᠂ ᠢᠷᠪᠢᠰ ᠤᠨ ᠱᠠᠭ᠎ᠠ ᠵᠢᠴᠢ ᠬᠦᠷᠡᠯ ᠱᠠᠭ᠎ᠠ᠂ | ᠭᠠᠤᠯᠢᠨ ᠱᠠᠭ᠎ᠠ ᠪᠠᠷ ᠨᠠᠭᠠᠳᠴᠦ ᠬᠠᠳᠠᠭᠠᠯᠠᠵᠦ ᠪᠠᠶᠢᠵᠠᠢ᠃ |