ᠮᠠᠨ ᠤ ᠮᠠᠯᠴᠢᠨ ᠮᠣᠩᠭᠤᠯᠴᠤᠳ ᠣᠨ ᠤ ᠬᠦᠷᠳᠦ ᠶᠢ ᠡᠯᠡᠭᠡᠨ᠂ ᠤᠯᠠᠷᠢᠯ ᠤᠨ ᠥᠩᠭᠡ ᠶᠢ ᠲᠠᠭᠠᠵᠤ᠂ ᠠᠭᠤᠯᠠ ᠭᠥᠪᠴᠢ᠂ ᠲᠠᠯ᠎ᠠ ᠬᠠᠩᠭᠠᠢ ᠶᠢᠨ ᠤᠰᠤᠨ ᠤ | ᠲᠣᠩᠭᠠᠯᠠᠭ᠂ ᠡᠪᠡᠰᠦᠨ ᠤ ᠰᠤᠷᠭᠤᠭ ᠲᠤ ᠲᠠᠪᠤᠨ ᠬᠤᠰᠢᠭᠤ ᠮᠠᠯ ᠢᠶᠠᠨ ᠲᠠᠷᠭᠤ ᠲᠡᠭᠰᠢ ᠠᠷᠠᠴᠢᠯᠠᠵᠤ ᠲᠣᠳᠤᠮᠳᠠᠵᠤ ᠶᠠᠪᠤᠬᠤ ᠳᠠᠭᠠᠨ ᠭᠦᠷᠢᠶ᠎ᠡ ᠴᠠᠷ᠎ᠠ ᠥᠷᠭᠡᠨ᠂ | ᠭᠠᠵᠠᠷ ᠣᠷᠤᠨ᠂ ᠦᠨᠳᠦᠰᠦᠲᠡᠨ ᠤ ᠬᠡᠪ ᠨᠠᠮᠪᠠ ᠪᠦᠬᠦᠢ ᠨᠡᠭᠦᠳᠡᠯ ᠠᠮᠢᠳᠤᠷᠠᠯ ᠤᠨ ᠵᠠᠩ ᠤᠶᠢᠯᠠ ᠶᠢ ᠤᠬᠠᠭᠠᠨᠲᠤ ᠪᠤᠭᠤᠷᠤᠯᠴᠤᠳ ᠮᠢᠨᠢ ᠤᠷ᠎ᠠ ᠤᠬᠠᠭᠠᠨ ᠢᠶᠠᠨ | ᠴᠢᠯᠡᠭᠡᠵᠦ᠂ ᠰᠤᠪᠢᠨ ᠡᠭᠦᠳᠴᠦ ᠤᠯᠠᠮᠵᠢᠯᠠᠭᠰᠠᠭᠠᠷ ᠢᠷᠡᠭᠰᠡᠨ ᠢᠷᠠᠭᠤ ᠲᠡᠤᠬᠡ ᠲᠠᠢ ᠶᠤᠮ᠃ ᠳᠡᠭᠡᠳᠦ ᠮᠣᠩᠭᠤᠯ ᠤᠨ ᠮᠠᠯ ᠮᠠᠨᠠᠬᠤ ᠶᠣᠰᠤ ᠭᠡᠭᠴᠢ ᠪᠣᠯ ᠬᠤᠨᠢᠴᠢᠨ | ᠰᠦᠨᠢᠵᠢᠨ ᠮᠠᠯ ᠤᠨ ᠬᠤᠳᠠᠨ ᠤ ᠳᠡᠷᠭᠡᠳᠡ ᠪᠤᠶᠤ ᠬᠥᠳᠡᠭᠡ ᠬᠡᠭᠡᠷ᠎ᠡ ᠦᠬᠡᠷ ᠠᠳᠤᠭᠤ ᠰᠠᠬᠢᠵᠤ ᠮᠠᠨᠠᠨ᠂ ᠬᠤᠨᠤᠵᠤ ᠬᠡᠪᠲᠡᠬᠦ ᠶᠣᠰᠤ ᠤᠶᠢᠯᠠ ᠪᠢᠰᠢ᠂ ᠬᠠᠷᠢᠨ | ᠮᠠᠯᠴᠢᠳ ᠶᠠᠮᠠᠷ ᠨᠢᠭᠡᠨ ᠰᠢᠯᠲᠠᠭᠠᠨ ᠢᠶᠠᠷ ᠮᠠᠯ ᠰᠦᠷᠦᠭ ᠠᠴᠠ ᠪᠠᠨ ᠨᠢᠭᠡ ᠬᠤᠶᠠᠷ ᠪᠤᠶᠤ ᠨᠡᠯᠢᠶᠡᠳ ᠢ ᠭᠡᠭᠡᠵᠦ ᠣᠷᠬᠢᠭᠠᠳ᠂ ᠡᠳᠦᠷᠵᠢᠨ ᠡᠷᠢᠵᠦ ᠰᠤᠷᠠᠭᠯᠠᠭᠠᠳ | ᠣᠯᠵᠤ ᠴᠢᠳᠠᠭᠰᠠᠨ ᠦᠭᠡᠢ ᠪᠣᠯ ᠭᠡᠷ ᠲᠡᠭᠡᠨ ᠪᠤᠴᠠᠵᠤ ᠢᠷᠡᠭᠡᠳ ᠵᠤᠯᠠ ᠭᠦᠵᠢ ᠠᠰᠠᠭᠠᠨ ᠪᠤᠷᠬᠠᠨ ᠰᠠᠬᠢᠭᠤᠯᠰᠤᠨ ᠣᠩᠭᠤᠨ ᠰᠢᠳᠦᠭᠡᠨ ᠳᠡᠭᠡᠨ ᠵᠠᠯᠪᠠᠷᠢᠨ ᠨᠠᠶᠢᠲᠠᠵᠤ | ᠂ ᠭᠡᠭᠡᠵᠦ ᠠᠯᠳᠠᠭᠰᠠᠨ ᠮᠠᠯ ᠰᠦᠷᠦᠭ ᠤᠨ ᠠᠮᠤᠷ ᠲᠦᠪᠰᠢᠨ ᠢ ᠪᠠᠳᠤᠯᠠᠬᠤ ᠲᠠᠭᠠᠳᠬᠠᠯ ᠤᠨ ᠤᠶᠢᠯᠠ ᠶᠣᠰᠤ ᠭᠦᠢᠴᠡᠳᠭᠡᠬᠦ ᠶᠢ ᠬᠡᠯᠡᠵᠦ ᠪᠠᠶᠢᠬᠤ ᠶᠤᠮ᠃ | ᠲᠡᠭᠡᠪᠡᠯ ᠮᠠᠯ ᠮᠠᠨᠠᠬᠤ ᠨᠢ ᠦᠨᠳᠦᠰᠦᠨ ᠳᠡᠭᠡᠨ ᠡᠶᠢᠮᠦ ᠬᠡᠳᠦᠨ ᠲᠡᠰ ᠲᠠᠷᠠᠭ᠎ᠠ᠂ ᠤᠶᠢᠯᠠ ᠶᠠᠪᠤᠳᠠᠯ ᠲᠠᠢ ᠪᠠᠶᠢᠳᠠᠭ ᠪᠠᠶᠢᠨ᠎ᠠ᠃ ᠶᠠᠭᠤᠨ ᠤ ᠡᠮᠦᠨ᠎ᠡ᠂ | ᠭᠡᠷ ᠲᠡᠭᠡᠨ ᠬᠠᠷᠢᠵᠤ ᠢᠷᠡᠭᠰᠡᠨ ᠤ ᠬᠤᠶᠢᠨ᠎ᠠ ᠨᠦᠳᠦᠭᠦᠷ ︵ᠤᠭᠤᠷ︶ ᠤᠨ ᠴᠢᠯᠠᠭᠤ ᠪᠠᠨ ᠴᠢᠷᠤᠨ ︵ᠵᠠᠪᠠᠯ ᠴᠢᠷᠬᠦ ᠬᠡᠷᠡᠭᠳᠡᠢ︶ ᠲᠤᠯᠭ᠎ᠠ ᠪᠠᠨ ᠵᠦᠪ ᠭᠤᠷᠪᠠ | ᠲᠣᠭᠤᠷᠢᠭᠤᠯᠣᠭᠠᠳ ᠲᠠᠬᠢᠨ ᠨᠦᠳᠦᠭᠦᠷ ᠤᠨ ᠴᠢᠯᠠᠭᠤ ᠪᠠᠨ ᠲᠤᠯᠭ᠎ᠠ ᠤᠷᠤᠭᠤ ᠪᠠᠨ ᠰᠢᠷᠭᠤᠭᠤᠯᠵᠤ ᠲᠠᠯᠪᠢᠨ᠎ᠠ᠃ ᠡᠨᠡ ᠪᠣᠯ ᠨᠦᠳᠦᠭᠦᠷ ᠤᠨ ᠴᠢᠯᠠᠭᠤ ᠪᠠᠷ | ᠥᠪᠡᠷ ᠤᠨ ᠪᠡᠶ᠎ᠡ ᠪᠠᠨ ᠲᠥᠯᠦᠭᠡᠯᠡᠭᠦᠯᠵᠦ᠂ ᠥᠪᠡᠷ ᠤᠨ ᠪᠡᠶ᠎ᠡ ᠨᠢ ᠡᠷᠢᠯ ᠳᠤ ᠶᠠᠪᠤᠭᠠᠳ ᠰᠤᠷᠠᠭ ᠦᠭᠡᠢ ᠲᠤᠯᠠ ᠭᠠᠯ ᠭᠤᠯᠤᠮᠲᠠ ᠶᠢᠨ ᠰᠢᠲᠦᠭᠡᠨ ᠳᠡᠭᠡᠨ ᠭᠡᠭᠡᠭᠰᠡᠨ | ᠮᠠᠯ ᠢᠶᠠᠨ ᠲᠠᠭᠠᠳᠬᠠᠵᠤ ᠪᠠᠶᠢᠭ᠎ᠠ ᠰᠠᠨᠠᠭ᠎ᠠ ᠶᠤᠮ᠃ ᠲᠠᠷᠠᠭᠠᠯᠠᠪᠠᠯ᠂ ᠭᠠᠯ ᠤᠨ ᠬᠠᠶᠢᠴᠢ ︵ᠬᠢᠮᠰᠠ︶ ᠶᠢᠨ ᠠᠮᠠ ᠶᠢ ᠨᠣᠤᠰᠤ ᠪᠠᠷ ᠣᠷᠢᠶᠠᠵᠤ᠂ ᠤᠨᠢᠨ ᠳᠤ | ᠬᠠᠪᠴᠢᠭᠤᠯᠬᠤ ᠪᠤᠶᠤ ᠲᠡᠷᠮ᠎ᠡ ︵ᠬᠠᠨ᠎ᠠ︶ ᠶᠢᠨ ᠲᠣᠯᠤᠭᠠᠢ ᠠᠴᠠ ᠡᠯᠭᠦᠵᠦ ᠲᠠᠯᠪᠢᠨ᠎ᠠ᠃ ᠡᠨᠡ ᠨᠢ ᠬᠡᠯᠡᠯᠭᠡᠨ ᠦᠭᠡᠢ ᠭᠡᠭᠡᠷ᠎ᠡ ᠶᠢᠨ ᠠᠷᠢᠶᠠᠲᠠᠨ ᠠᠮᠢᠲᠠᠨ ᠤ ᠠᠮᠠ | ᠬᠤᠩᠰᠢᠶᠠᠷ ᠢ ᠬᠠᠯᠠᠭᠤᠨ ᠬᠤᠰᠢᠭᠤᠳᠤ ᠮᠠᠯ ᠤᠨ ᠰᠠᠬᠢᠭᠤᠯᠰᠤᠨ ᠪᠣᠭᠤᠵᠤ ᠪᠠᠷᠢᠵᠤ ᠪᠠᠶᠢᠬᠤ ᠤᠴᠢᠷ ᠲᠠᠢ ᠶᠤᠮ᠃ ᠬᠠᠮᠤᠭ ᠰᠡᠭᠦᠯ ᠳᠤ᠂ ᠭᠡᠭᠡᠵᠦ ᠠᠯᠳᠠᠭᠰᠠᠨ | ᠮᠠᠯ ᠤᠨ ᠲᠤᠭ᠎ᠠ ᠪᠠᠷ ᠪᠤᠶᠤ ᠪᠠᠷᠤᠭᠴᠠᠭᠠᠯᠠᠨ ᠪᠠᠶᠢᠵᠤ᠂ ᠬᠤᠨᠢᠨ ᠤ ᠬᠤᠷᠭᠤᠯ ᠲᠡᠭᠦᠵᠦ ᠠᠪᠴᠢᠷᠠᠨ ᠪᠤᠷᠬᠠᠨ ᠤ ᠭᠦᠩᠭᠠᠷᠪᠠ ᠶᠢᠨ ᠡᠮᠦᠨ᠎ᠡ ᠠᠶᠠᠭ᠎ᠠ ᠪᠠᠷ ᠪᠢᠲᠡᠭᠦᠯᠠᠨ | ᠲᠠᠷᠤᠵᠤ ᠲᠠᠯᠪᠢᠨ᠎ᠠ᠃ ᠲᠠᠷᠤᠢ ᠪᠤᠷᠬᠠᠨ ᠤ ᠥᠷᠦᠰᠢᠶᠡᠯ ᠡᠨᠡᠷᠢᠯ ᠢᠶᠠᠷ ᠲᠡᠳᠡᠭᠡᠷ ᠬᠥᠳᠡᠭᠡ ᠬᠡᠭᠡᠷ᠎ᠡ ᠶᠠᠪᠤᠭ᠎ᠠ ᠮᠠᠯ ᠨᠢ ᠭᠡᠮᠲᠦᠯ ᠰᠦᠢᠳᠦᠯ ᠦᠭᠡᠢ ᠪᠠᠷ ᠤᠷᠭᠤᠬᠤ | ᠨᠠᠷᠠᠨ ᠲᠠᠢ ᠤᠴᠠᠷᠠᠨ᠂ ᠤᠤᠯ ᠤᠨ ᠡᠵᠡᠨ᠂ ᠰᠦᠷᠦᠭ ᠲᠡᠭᠡᠨ ᠪᠦᠳᠦᠨ ᠪᠦᠯᠢᠶᠡᠨ ᠣᠯᠳᠠᠬᠤ ᠶᠢ ᠲᠠᠭᠠᠳᠬᠠᠨ ᠬᠠᠮᠠᠭᠠᠯᠠᠭᠤᠯᠵᠤ ᠪᠠᠶᠢᠬᠤ ᠤᠬᠠᠭᠠᠨ ᠲᠠᠢ ᠶᠤᠮ᠃ | |