ᠱᠠᠭᠠᠢ ᠶᠢᠨ ᠬᠠᠷᠪᠤᠭ᠎ᠠ | ᠳ᠋᠊᠂ ᠴᠠᠭᠠᠨ | | ᠡᠷᠳᠡᠨ ᠤ ᠠᠩᠴᠢᠳ ᠠᠪᠠᠯᠠᠵᠤ ᠤᠯᠤᠭᠰᠠᠨ ᠬᠡᠰᠡᠭ ᠠᠩ ᠠᠮᠢᠳᠠᠨ ︵ᠵᠠᠬᠡᠷ᠎ᠡ ᠬᠦᠷᠦᠬᠡᠰᠤ᠂ ᠪᠤᠭᠤ ᠰᠤᠭᠤ᠂ ᠠᠷᠭᠠᠯᠢ ᠤᠭᠠᠯᠵᠠ︶ ᠤ ᠲᠠᠯᠤ ᠶᠢᠨ ᠶᠠᠰᠤ ᠶᠢ | ᠰᠠᠶᠢᠬᠠᠨ ᠦᠯᠵᠢᠵᠦ ᠡᠬᠦᠨ ᠢᠶᠠᠨ ᠰᠢᠬ᠎ᠠ ᠬᠢᠵᠦ᠂ ᠲᠤᠭ ᠤᠨ ᠶᠠᠰᠤ ᠪᠠᠷ ᠰᠤᠮᠤ ᠬᠢᠵᠦ᠂ ᠱᠠᠬᠠᠢ ᠬᠠᠷᠪᠤᠵᠤ ᠨᠢᠰᠯᠠᠵᠤ ᠠᠭᠠᠳᠴᠤ᠂ ᠠᠪᠠ ᠠᠩᠨᠠᠯ ᠤᠨ ᠶᠠᠳᠠᠷᠠᠭ᠎ᠠ | ᠴᠢᠯᠡᠭᠡ ᠪᠠᠨ ᠲᠠᠶᠢᠯᠠᠬᠤ ᠵᠤᠭ᠎ᠠ ᠴᠡᠩᠬᠡᠯ ᠪᠤᠯᠭᠠᠵᠤ ᠪᠠᠶᠢᠭᠰᠠᠨ ᠠᠴᠠ ︽ᠱᠠᠭᠠᠢ ᠶᠢᠨ ᠬᠠᠷᠪᠤᠭ᠎ᠠ︾ ᠶᠢᠨ ᠡᠬᠢ ᠤᠯᠪᠠᠭ᠎ᠠ ᠡᠬᠦᠨ ᠠᠴᠠ ᠡᠬᠢᠯᠡᠵᠡᠢ᠃ ᠰᠡᠬᠦᠯᠳᠡᠵᠦ | ᠢᠷᠡᠬᠡᠳ ᠮᠠᠯ ᠤᠨ ᠲᠠᠯᠤ ᠶᠢᠨ ᠶᠠᠰᠤ ᠶᠢ ᠮᠦᠯᠵᠢᠵᠦ ᠲᠡᠬᠡᠷ᠎ᠡ ᠨᠢ ᠲᠤᠶᠢᠭ ᠢ ᠨᠢ ᠲᠠᠯᠪᠢᠵᠤ ᠱᠠᠬᠠᠢ ᠬᠠᠷᠪᠤᠨ ᠤᠨᠤᠭᠠᠵᠤ ᠨᠠᠭᠠᠳᠴᠤ ᠲᠤᠭᠯᠠᠬᠤ ᠪᠤᠯᠵᠠᠢ᠃ ᠴᠡᠷᠢᠭ | ᠲᠠᠶᠢᠨ ᠤ ᠦᠶ᠎ᠡ ᠳᠤ ᠴᠤ ᠬᠡᠰᠡᠨ᠂ ᠠᠶᠠᠨ ᠲᠠᠶᠢᠨ ᠬᠢᠵᠦ ᠶᠠᠪᠤᠭ᠎ᠠ ᠴᠡᠷᠢᠭ ᠤᠳ ᠦᠳᠡᠯᠡᠬᠦ ᠪᠤᠶᠤ ᠠᠮᠠᠷᠠᠬᠤ ᠳᠠᠭᠠᠨ ᠮᠠᠯ ᠤᠨ ᠲᠠᠯᠤ ᠶᠢᠨ ᠶᠠᠰᠤ ᠪᠠᠷ ᠰᠢᠬ᠎ᠠ ᠪᠠᠨ | ᠬᠢᠵᠤ ᠲᠤᠶᠢᠭ ᠢᠶᠠᠷ ᠨᠢ ᠰᠤᠮᠤ ᠪᠤᠯᠭᠠᠵᠤ ᠱᠠᠭᠠᠢ ᠬᠠᠷᠪᠤᠨ ᠤᠨᠤᠭᠠᠵᠤ ᠠᠯᠵᠢᠶᠠᠯ ᠶᠠᠳᠠᠷᠠᠯ ᠢᠶᠠᠨ ᠲᠠᠶᠢᠯᠤᠨ ᠡᠷᠬᠢ ᠪᠠᠨ ᠴᠢᠩᠭᠠᠯᠠᠵᠤ ᠨᠢᠬᠡ ᠶᠤᠰᠤᠨ ᠤ ᠴᠡᠷᠢᠭ ᠤᠨ | ᠪᠤᠯᠪᠠᠰᠤᠷᠠᠯ ᠪᠤᠯᠭᠠᠨ ᠬᠢᠳᠡᠭ ᠪᠤᠯᠤᠭᠰᠠᠨ ᠠᠴᠠ ︽ᠱᠠᠭᠠᠢ ᠶᠢᠨ ᠬᠠᠷᠪᠤᠭ᠎ᠠ︾ ᠨᠢ ᠨᠡᠩ ᠦᠷᠬᠡᠨ ᠲᠡᠯᠬᠡᠷ ᠤᠯᠠᠮᠵᠢᠯᠠᠭᠳᠠᠨ ᠬᠦᠭᠵᠢᠬᠦ ᠳᠤ ᠬᠦᠷᠴᠡᠢ᠃ | ︽ᠱᠠᠭᠠᠢ ᠶᠢᠨ ᠬᠠᠷᠪᠤᠭ᠎ᠠ︾ ᠶᠢᠨ ᠬᠠᠷᠪᠤᠭ᠎ᠠ ᠶᠢᠨ ᠪᠠᠭᠠᠵᠢ ᠬᠡᠷᠡᠭᠰᠡᠯ ᠳᠤ ᠡᠷᠳᠡᠨ ᠦᠶ᠎ᠡ ᠳᠤ ᠮᠠᠯ ᠤᠨ ᠲᠠᠯᠤ ᠶᠢᠨ ᠶᠠᠰᠤ᠂ ᠲᠤᠶᠢᠭ ᠤᠨ ᠶᠠᠰᠤ᠂ ᠱᠠᠭᠠᠢ ︵ | ᠪᠤᠳᠠ ᠶᠢᠨ ᠱᠠᠭᠠᠢ︶ ᠵᠡᠷᠬᠡ ᠪᠠᠶᠢᠵᠠᠢ᠃ ᠰᠡᠬᠦᠯᠳᠡᠵᠦ ᠢᠷᠡᠬᠡᠳ ᠮᠤᠳᠤ ᠬᠠᠰᠢᠯᠭ᠎ᠠ᠂ ᠰᠤᠮᠤ᠂ ︵ᠮᠤᠳᠤ᠂ ᠰᠢᠬ᠎ᠠ᠂ ᠰᠤᠮᠤ︶ ᠵᠡᠷᠬᠡ ᠪᠤᠢ ᠮᠤᠳᠤ — | ᠬᠠᠰᠤᠭᠠ ᠪᠠᠨ ᠦᠷᠦᠵᠦ ᠲᠠᠯᠪᠢᠬᠤ ᠮᠤᠳᠤᠨ ᠠᠪᠳᠠᠷ ᠬᠠᠰᠢᠯᠭ᠎ᠠ ︵ᠰᠢᠬ᠎ᠠ︶ — ᠽᠠᠨᠳᠠᠨ᠂ ᠶᠠᠰᠢᠯ᠂ ᠰᠤᠮᠤᠨ ᠮᠤᠳᠤ᠂ ᠲᠡᠮᠡᠬᠡᠨ ᠤ ᠰᠢᠯᠪᠢ ᠶᠢᠨ ᠶᠠᠰᠤ | ᠵᠡᠷᠬᠡ ᠪᠠᠷ ᠬᠢᠳᠡᠭ ᠪᠤᠯᠵᠠᠢ᠃ ᠰᠤᠮᠤ ᠶᠢ ᠪᠤᠯ ᠪᠤᠭᠤ ᠶᠢᠨ ᠡᠪᠡᠷ ᠢᠶᠠᠷ ᠭᠤᠤᠯᠳᠠᠭᠤ ᠬᠢᠳᠡᠭ᠃ ᠬᠠᠰᠤᠭᠠ ᠶᠢ ᠵᠠᠭᠠᠨ ᠤ ᠰᠤᠶᠤᠭ᠎ᠠ᠂ ᠪᠠᠶᠢᠭᠠᠯᠢ ᠶᠢᠨ ᠵᠢᠮ ᠢᠶᠠᠷ ᠢᠶᠠᠨ | ᠤᠨᠠᠭᠰᠠᠨ ᠪᠤᠭᠤ ᠶᠢᠨ ᠡᠪᠡᠷ ᠤᠨ ᠲᠤᠤᠷᠠᠳᠤ ᠲᠠᠯ᠎ᠠ ᠠᠴᠠ ᠨᠢᠬᠡ ᠯᠡ ᠰᠤᠮᠤ ᠶᠢ ᠲᠦᠷᠪᠡᠯᠵᠢᠨ ᠴᠠᠭᠠᠨ ᠭᠠᠷᠭᠠᠵᠤ ᠠᠪᠳᠠᠭ᠃ ᠡᠬᠦᠨ ᠢ ᠬᠠᠷᠪᠤᠭᠠᠴᠢ ᠬᠦᠮᠦᠨ ᠮᠠᠰᠢ | ᠨᠠᠨᠳᠢᠩᠨᠠᠨ ᠬᠠᠶᠢᠷᠠᠯᠠᠳᠠᠭ᠃ ᠪᠠᠰᠠ ᠮᠠᠯ ᠤᠨ ᠱᠠᠭᠠᠢ ᠪᠠᠷ ᠬᠡᠳᠡᠭ ᠪᠠᠶᠢᠨ᠎ᠠ᠃ ︽ᠱᠠᠭᠠᠢ ᠶᠢᠨ ᠬᠠᠷᠪᠤᠭ᠎ᠠ︾ ᠳᠤ ᠬᠤᠶᠠᠷ ᠲᠠᠯ᠎ᠠ ᠶᠢᠨ ᠨᠡᠶᠢᠳᠡ 30 ᠬᠠᠰᠤᠭᠠ ᠶᠢ | ᠶᠢᠰᠤᠨ ᠲᠤᠬᠤᠢ ᠵᠠᠶᠢᠳᠠᠢ ᠭᠠᠵᠠᠷ ᠠᠴᠠ ᠬᠠᠷᠪᠤᠭᠠᠨ ᠳᠤ ᠤᠷᠤᠭᠰᠠᠨ ᠬᠠᠷᠪᠤᠭᠠᠴᠢ ᠬᠠᠷᠪᠤᠳᠠᠭ ᠪᠠᠶᠢᠨ᠎ᠠ᠃ ᠱᠠᠭᠠᠢ ᠬᠠᠷᠪᠤᠬᠤ ᠲᠤᠭᠯᠠᠭᠠᠮ ᠢᠶᠠᠨ ︽ᠱᠠᠭᠠᠢ ᠶᠢᠨ | ᠲᠤᠭᠤᠷᠢᠮ︾ ᠬᠡᠵᠦ ᠨᠡᠷᠡᠯᠡᠵᠤ᠂ ᠱᠠᠭᠠᠢ ᠶᠢᠨ ᠲᠤᠭᠤᠷᠢᠮ ᠪᠤᠯᠬᠤ ᠲᠤᠭᠳᠠᠭᠰᠠᠨ ᠡᠳᠤᠷ ᠢᠶᠠᠨ ᠱᠠᠭᠠᠢ ᠬᠠᠷᠪᠤᠭᠠᠴᠢᠳ ᠡᠳᠤᠷ ᠢᠶᠠᠨ ᠱᠠᠭᠠᠢ ᠬᠠᠷᠪᠤᠭᠠᠴᠢᠳ | ᠴᠤᠭᠯᠠᠷᠠᠵᠤ 3 — 5 ᠡᠳᠤᠷ ᠤᠨ ᠱᠠᠭᠠᠢ ᠶᠢᠨ ᠲᠤᠭᠯᠠᠭᠠᠮ ᠡᠬᠦᠰᠬᠡᠳᠡᠭ ᠪᠠᠶᠢᠵᠠᠢ᠃ | ᠱᠠᠭᠠᠢ ᠬᠠᠷᠪᠤᠭ᠎ᠠ ᠨᠢ ᠮᠤᠩᠭᠤᠯ ᠨᠤᠳᠤᠭ ᠲᠤ ᠤᠯᠠᠨ ᠶᠠᠩᠵᠤ ᠢᠶᠠᠷ ᠶᠠᠪᠤᠭᠳᠠᠳᠠᠭ᠃ ᠲᠠᠷᠤᠢ ︽ᠬᠠᠯᠵᠠ ᠬᠠᠷᠪᠤᠬᠤ︾᠂ ︽ᠰᠢᠬ᠎ᠠ ᠬᠠᠷᠪᠤᠬᠤ︾᠂ ︽ | ᠱᠠᠭᠠᠢ ᠬᠠᠷᠪᠤᠬᠤ︾ ᠬᠡᠵᠦ ᠨᠡᠷᠡᠯᠡᠳᠡᠭ ᠪᠦᠬᠡᠳ᠂ ᠡᠪᠤᠯ ᠤᠨ ᠴᠠᠭ ᠲᠤ ᠪᠤᠯ ︽ᠮᠦᠰᠦᠨ ᠱᠠᠭᠠᠢ ᠬᠠᠷᠪᠤᠬᠤ︾᠂ ︽ᠠᠷᠠᠭᠠᠢ ᠨᠠᠭᠠᠳᠤᠬᠤ︾᠂ ᠬᠡᠵᠦ ᠬᠡᠯᠡᠳᠡᠭ | ᠴᠤ ᠪᠤᠢ᠃ ᠱᠠᠭᠠᠢ ᠬᠠᠷᠪᠤᠭ᠎ᠠ ᠪᠤᠯ ᠮᠤᠩᠭᠤᠯ ᠨᠤᠳᠤᠭ ᠬᠠᠮᠤᠭ ᠡᠷᠳᠡ ᠲᠡᠯᠬᠡᠷᠡᠵᠦ ᠬᠠᠮᠤᠭ ᠲᠦᠬᠡᠮᠡᠯ ᠨᠠᠭᠠᠳᠳᠠᠭ ᠲᠤᠭᠯᠠᠭᠠᠮ ᠤᠨ ᠨᠢᠬᠡ ᠨᠢ ᠪᠠᠶᠢᠵᠤ᠂ ᠪᠦᠷ | ᠬᠡᠦᠬᠡᠳ ᠦᠶ᠎ᠡ ᠠᠴᠠ ᠪᠠᠨ ᠡᠬᠢᠯᠡᠵᠦ ᠱᠠᠭᠠᠢ ᠬᠠᠷᠪᠤᠭ᠎ᠠ ᠨᠠᠭᠠᠳᠴᠤ ᠰᠤᠷᠠᠳᠠᠭ ᠶᠤᠰᠤ ᠵᠠᠩᠰᠢᠯ ᠲᠠᠢ ᠪᠠᠶᠢᠭᠰᠠᠨ ᠨᠢ ᠡᠴᠢᠬᠡ ᠨᠢ ︽ᠬᠦᠦ ᠪᠠᠨ ᠶᠢᠰᠦᠨ ᠲᠤᠬᠤᠢ | ᠬᠠᠷᠪᠤᠵᠤ ᠰᠤᠷᠬᠤ ᠳᠤᠨᠢ᠂ ᠡᠷ᠎ᠡ ᠬᠦᠮᠦᠨ ᠪᠤᠯᠤᠯ᠎ᠠ ᠬᠡᠵᠦ ᠨᠤᠮᠤ ᠰᠤᠮᠤ ᠠᠪᠴᠤ ᠦᠭᠳᠡᠭ︾ ᠤᠯᠠᠮᠵᠢᠯᠠᠯ ᠠᠴᠠ ᠮᠡᠳᠡᠵᠦ ᠪᠤᠯᠤᠨ᠎ᠠ᠃ ᠲᠡᠬᠡᠷ᠎ᠡ ᠦᠶ᠎ᠡ ᠳᠤ ᠱᠠᠭᠠᠢ | ᠬᠠᠷᠪᠤᠭ᠎ᠠ ᠳᠤ ᠲᠡᠷᠢᠬᠦᠯᠡᠭᠰᠡᠨ ᠬᠠᠷᠪᠤᠭᠠᠴᠢᠳ ᠳᠤ ︽ᠴᠡᠴᠡ ᠮᠡᠷᠬᠡᠨ︾ ᠬᠠᠷᠪᠤᠭᠠᠴᠢ ᠴᠤᠯᠠ ᠤᠯᠭᠤᠳᠠᠭ ᠪᠠᠶᠢᠵᠠᠢ᠃ ᠤᠳᠤ ᠪᠤᠯ ᠮᠤᠩᠭᠤᠯ ᠤᠯᠤᠰ ᠲᠤ᠂ ᠱᠠᠭᠠᠢ | ᠬᠠᠷᠪᠤᠭ᠎ᠠ ᠮᠠᠰᠢ ᠬᠦᠭᠵᠢᠶᠡᠨ ᠲᠠᠢ ᠦᠷᠨᠢᠵᠦ᠂ ᠴᠢᠨᠠᠭᠰᠢᠯᠠᠪᠠᠯ ᠬᠠᠷᠢ ᠤᠯᠤᠰ ᠲᠤ ᠬᠦᠷᠳᠡᠯ᠎ᠡ ᠱᠠᠭᠠᠢ ᠬᠠᠷᠪᠤᠭ᠎ᠠ ᠶᠢ ᠵᠤᠬᠢᠶᠠᠨ ᠪᠠᠶᠢᠭᠤᠯᠵᠤ᠂ ᠮᠤᠩᠭᠤᠯ | ᠦᠨᠳᠦᠰᠦᠳᠡᠨ ᠤ ᠤᠯᠠᠮᠵᠢᠯᠠᠯᠳᠤ ᠱᠠᠭᠠᠢ ᠬᠠᠷᠪᠤᠭ᠎ᠠ ᠶᠢ ᠰᠤᠷᠳᠠᠯᠴᠢᠯᠠᠨ ᠲᠡᠯᠬᠡᠷᠡᠬᠦᠯᠵᠦ ᠪᠠᠶᠢᠭ᠎ᠠ ᠨᠢ ᠦᠨᠡᠬᠡᠷ ᠪᠠᠶᠠᠷᠯᠠᠭᠤᠰᠢᠳᠠᠢ ᠤᠴᠢᠷ ᠶᠤᠮ᠃ ᠤᠷᠴᠢᠮ ᠤᠨ | ᠵᠢᠯ ᠤᠳ ᠮᠤᠩᠭᠤᠯ ᠤᠯᠤᠰ ᠲᠤ ᠱᠠᠭᠠᠢ ᠬᠠᠷᠪᠤᠭᠠᠴᠢᠳ ᠲᠤ ᠤᠯᠭᠤᠬᠤ ᠴᠤᠯᠠ ᠪᠤᠯ ᠮᠤᠩᠭᠤᠯ ᠤᠨ ᠱᠠᠭᠠᠢ ᠬᠠᠷᠪᠤᠭᠠᠨ ᠤ ᠬᠤᠯᠪᠤᠭᠠᠨ ᠠᠴᠠ ᠡᠷᠬᠢᠯᠡᠭᠰᠡᠨ | ᠨᠠᠭᠠᠳᠤᠮ ᠳᠤ ᠲᠡᠷᠢᠬᠦᠨ ᠪᠠᠶᠢᠷᠢ ᠳᠤ ᠤᠷᠤᠭᠰᠠᠳ ᠲᠤ ᠤᠯᠭᠤᠬᠤ ᠴᠤᠯᠠ ᠪᠤᠯ᠂ ᠨᠢᠬᠡ ᠤᠳᠠᠭ᠎ᠠ ᠲᠡᠷᠢᠬᠦᠯᠡᠵᠦ ᠲᠡᠷᠢᠬᠦᠨ ᠪᠠᠶᠢᠷᠢ ᠳᠤ ᠤᠷᠤᠪᠠᠯ ᠲᠡᠳ᠋ ᠮᠡᠷᠬᠡᠨ᠂ | ᠬᠤᠶᠠᠷ ᠤᠳᠠᠭ᠎ᠠ ᠲᠡᠷᠢᠬᠦᠯᠡᠪᠡᠯ ᠮᠡᠷᠬᠡᠨ᠂ ᠭᠤᠷᠪᠠ ᠤᠳᠠᠭ᠎ᠠ ᠲᠡᠷᠢᠬᠦᠯᠡᠪᠡᠯ ᠭᠠᠷᠮᠠᠭᠠᠢ ᠮᠡᠷᠬᠡᠨ᠂ ᠲᠦᠷᠪᠡ ᠤᠳᠠᠭ᠎ᠠ ᠲᠡᠷᠢᠬᠦᠯᠡᠪᠡᠯ ᠲᠠᠷᠬᠠᠨ ᠮᠡᠷᠬᠡᠨ᠂ ᠲᠠᠪᠤ | ᠤᠳᠠᠭ᠎ᠠ ᠠᠴᠠ ᠲᠡᠬᠡᠭᠰᠢ ᠲᠡᠷᠢᠬᠦᠯᠡᠪᠡᠯ ᠤᠯᠠᠮᠵᠢ ᠲᠠᠷᠬᠠᠨ ᠮᠠᠷᠬᠡᠨ ᠬᠡᠵᠦ ᠴᠤᠯᠠ ᠤᠯᠭᠤᠳᠠᠭ ᠪᠠᠶᠢᠨ᠎ᠠ᠃ | ᠮᠠᠨ ᠤ ᠮᠤᠩᠭᠤᠯᠴᠤᠳ ᠵᠢᠯ ᠤᠨ ᠲᠦᠷᠪᠡᠨ ᠤᠯᠠᠷᠢᠯ ᠳᠤ ᠱᠠᠭᠠᠢ ᠬᠠᠷᠪᠤᠵᠤ ᠨᠠᠭᠠᠳᠬᠤ ᠶᠢ ᠬᠡᠷ ᠲᠤᠳᠤᠷ᠎ᠠ ᠪᠤᠯᠤᠨ ᠭᠠᠳᠠᠨ᠎ᠠ ᠨᠠᠭᠠᠳᠴᠤ ᠢᠷᠡᠭᠰᠡᠨ ᠪᠠ | ᠢᠯᠠᠩᠭᠤᠶ᠎ᠠ ᠡᠪᠤᠯ ᠤᠨ ᠴᠠᠭ ᠲᠤ ᠴᠠᠰᠤ ᠮᠦᠰᠦᠨ ᠲᠡᠬᠡᠷ᠎ᠡ ᠨᠠᠭᠠᠳᠴᠤ ᠪᠠᠶᠢᠪᠠ᠃ ᠱᠠᠭᠠᠢ ᠶᠢᠨ ᠬᠠᠷᠪᠤᠭ᠎ᠠ ᠶᠢᠨ ᠲᠤᠳᠤᠷ᠎ᠠ ︽ᠤᠨᠳᠤᠭ ᠬᠠᠷᠪᠤᠭ᠎ᠠ︾᠂ ︽ᠬᠦᠷᠢᠶ᠎ᠡ | ᠬᠠᠷᠪᠤᠭ᠎ᠠ︾᠂ ︽ᠰᠤᠮᠤᠨ ᠬᠠᠷᠪᠤᠭ᠎ᠠ︾ ᠬᠡᠬᠦᠴᠢᠯᠡᠨ ᠠᠶᠢᠯ ᠰᠠᠬᠠᠯᠳᠠ ᠪᠠᠷ ᠢᠶᠠᠨ ᠪᠤᠶᠤ ᠤᠪᠤᠭ ᠠᠶᠢᠮᠠᠭ᠂ ᠨᠤᠳᠤᠭ ᠤᠪᠤᠭ ᠢᠶᠠᠷ ᠢᠶᠠᠨ ᠨᠠᠭᠠᠳᠤᠨ ᠴᠡᠴᠡ | ᠮᠡᠷᠬᠡᠨ ᠢᠶᠠᠨ ᠰᠤᠷᠠᠳᠠᠭ ᠪᠠᠶᠢᠵᠠᠢ᠃ ᠢᠩᠬᠢᠵᠦ ᠤᠪᠤᠭ ᠠᠶᠢᠮᠠᠭ᠂ ᠨᠤᠳᠤᠭ ᠤᠪᠤᠭ ᠢᠶᠠᠷ ᠢᠶᠠᠨ ᠨᠠᠭᠠᠳᠴᠤ ᠴᠡᠴᠡᠨ ᠮᠡᠷᠬᠡᠨ ᠢ ᠲᠤᠳᠤᠷᠠᠭᠤᠯᠤᠨ ᠲᠤᠰᠬᠠᠢ ᠮᠡᠷᠬᠡᠨ | ᠬᠠᠷᠪᠤᠭᠠᠴᠢ ᠨᠡᠷ ᠲᠠᠭᠠᠨ ᠴᠤᠯᠠ ᠵᠡᠷᠬᠡ ᠤᠯᠭᠤᠳᠠᠭ ᠤᠳᠤᠮᠰᠢᠯ ᠲᠠᠢ ᠶᠤᠮ᠃ | ︽ᠱᠠᠭᠠᠢ ᠶᠢᠨ ᠬᠠᠷᠪᠤᠭ᠎ᠠ︾ ᠶᠢᠨ ᠪᠠᠰᠠ ᠨᠢᠬᠡᠨ ᠲᠡᠦᠬᠡᠳᠤ ᠤᠯᠠᠮᠵᠢᠯᠠᠯ ᠪᠤᠯ ᠱᠠᠭᠠᠢ ᠬᠠᠷᠪᠤᠬᠤ ᠦᠶ᠎ᠡ ᠳᠤ ᠤᠷᠤᠯᠴᠠᠭᠰᠠᠨ ᠬᠠᠷᠪᠤᠭᠠᠴᠢᠳ ᠲᠤ ᠤᠷᠮ᠎ᠠ | ᠬᠠᠶᠢᠷᠠᠯᠠᠵᠤ ᠵᠤᠷᠢᠭᠵᠢᠭᠤᠯᠤᠯ ᠦᠭᠳᠡᠭ ᠵᠦᠢᠯ ᠪᠤᠯ ᠤᠤᠬᠠᠢ ᠪᠤᠯᠤᠨ᠎ᠠ᠃ ᠤᠤᠬᠠᠶᠢᠯᠠᠬᠤ ᠳᠤ ᠤᠤᠬᠠᠢ ᠪᠦᠷᠢ ᠦᠪᠡᠷ ᠦᠪᠡᠷ ᠤᠨ ᠠᠶᠠᠯᠭᠤ᠂ ᠡᠬᠦᠷᠬᠡ | ᠵᠤᠷᠢᠭᠤᠯᠤᠯᠳᠠ ᠲᠠᠢ ᠪᠠᠶᠢᠳᠠᠭ᠃ ᠡᠬᠦᠨᠳᠤ ᠱᠠᠭᠠᠢ ᠶᠢᠨ ᠨᠠᠭᠠᠳᠤᠮ ᠡᠬᠢᠯᠡᠬᠦ ᠳᠤ ︽ᠨᠠᠭᠠᠳᠤᠮ ᠡᠬᠢᠯᠡᠬᠦ ᠤᠤᠬᠠᠢ︾᠂ ︽ᠲᠦᠷᠢᠯᠬᠡ ᠲᠠᠢ ᠤᠤᠬᠠᠢ︾᠂ ︽ᠬᠦᠭᠵᠢᠬᠦ | ᠪᠤᠶᠤ ᠲᠡᠮᠵᠢᠬᠦ ᠤᠤᠬᠠᠢ︾᠂ ︽ᠰᠠᠮᠪᠠᠷ ᠤᠨ ᠤᠤᠬᠠᠢ︾᠂ ︽ᠬᠠᠰᠤᠭᠠ ᠰᠢᠮᠡᠬᠦ ᠰᠢᠮᠡᠬᠡᠨ ᠤ ᠤᠤᠬᠠᠢ︾᠂ ︽ᠤᠨᠤᠭᠠᠨ ᠤ ᠤᠤᠬᠠᠢ︾᠂ ︽ᠡᠬᠢᠯᠡᠯ ᠤᠨ ᠤᠤᠬᠠᠢ | ︾᠂ ︽ᠲᠦᠷᠢᠬᠦ ᠤᠤᠬᠠᠢ︾᠂ ︽ᠨᠠᠮᠵᠢᠭᠠᠬᠤ ᠤᠤᠬᠠᠢ︾᠂ ︽ᠵᠢᠷᠭᠠᠬᠤ ᠤᠤᠬᠠᠢ︾ ᠬᠡᠵᠦ ᠪᠠᠶᠢᠳᠠᠭ ᠪᠦᠬᠡᠳ ᠤᠷᠤᠨ ᠨᠤᠳᠤᠭ ᠢᠶᠠᠷ ᠨᠢ ᠢᠯᠭᠠᠪᠠᠯ ᠦᠬᠡᠷ᠎ᠡ | ᠤᠨᠳᠤᠤ ᠪᠠᠶᠢᠵᠠᠢ᠃ ᠮᠤᠩᠭᠤᠯ ᠤᠯᠤᠰ ᠲᠤ ᠪᠤᠯ ᠲᠦᠪ ᠬᠠᠯᠬ᠎ᠠ ᠶᠢᠨ ᠤᠤᠬᠠᠢ᠂ ᠲᠦᠷᠪᠡᠳ ᠲᠠᠯᠠᠢ ᠬᠠᠨ ᠤ ᠤᠤᠬᠠᠢ᠂ ᠪᠠᠶᠠᠳ ᠤᠷᠢᠶᠠᠩᠬᠠᠢ ᠶᠢᠨ ᠤᠤᠬᠠᠢ᠂ | ᠪᠤᠷᠵᠢᠬᠢᠨ ᠤᠤᠬᠠᠢ ᠬᠡᠵᠦ ᠪᠠᠶᠢᠵᠠᠢ᠃ ᠤᠳᠤ ᠪᠤᠯ ᠲᠦᠪ ᠬᠠᠯᠬ᠎ᠠ᠂ ᠪᠤᠷᠵᠢᠬᠢᠨ ᠤᠤᠬᠠᠢ ᠪᠠᠷ ᠨᠠᠭᠠᠳᠤᠵᠤ ᠪᠠᠶᠢᠨ᠎ᠠ᠃ | |