ᠮᠤᠩᠭᠤᠯᠴᠤᠳ ᠤᠨ ᠤᠷᠤᠭ ᠬᠤᠷᠢᠮ ᠤᠨ ᠶᠤᠰᠤᠨ᠂ ᠭᠠᠵᠠᠷ ᠭᠠᠵᠠᠷ ᠤᠨ ᠵᠠᠩ ᠵᠠᠩᠰᠢᠯ ᠠᠳᠠᠯᠢ ᠦᠬᠡᠢ ᠦᠪᠡᠷ ᠦᠪᠡᠷ ᠤᠨ ᠤᠯᠠᠨ ᠵᠦᠢᠯ ᠤᠨ ᠬᠡᠯᠪᠡᠷᠢ | ᠮᠠᠶ᠋ᠢᠭ ᠢᠶᠠᠷ ᠶᠠᠪᠤᠭᠳᠠᠳᠠᠭ ᠪᠢᠯᠡ᠃ | ᠡᠭᠦᠨ ᠳᠤ ᠤᠷᠠᠳ ᠮᠤᠩᠭᠤᠯᠴᠤᠳ ᠤᠨ ᠵᠠᠩᠰᠢᠯ ᠪᠠᠷ ᠪᠤᠯ ᠬᠦᠪᠡᠭᠦᠨ ᠪᠡᠷᠢ ᠪᠠᠭᠤᠯᠭᠠᠬᠤ ᠳᠤ ᠠᠷᠪᠠᠨ ᠨᠠᠢᠮᠠᠨ ᠨᠠᠰᠤ᠂ ᠦᠬᠢᠨ ᠬᠠᠷᠢ ᠳᠤ ᠮᠤᠷᠳᠠᠬᠤ ᠳᠤ ︵ | ᠪᠤᠭᠳᠤᠯᠠᠬᠤ︶ ᠠᠷᠪᠠᠨ ᠲᠤᠯᠤᠭᠠᠨ ᠨᠠᠰᠤ ᠶᠢ ᠡᠷᠬᠢᠮᠯᠡᠵᠤ᠂ ᠡᠨᠡ ᠦᠶ᠎ᠡ ᠳᠤ ᠲᠠᠷᠤᠢ ᠠᠪᠤ ᠡᠵᠢ ᠪᠤᠯᠤᠭᠰᠠᠳ ᠨᠢ ᠦᠷ᠎ᠡ ᠬᠡᠤᠬᠡᠳ ᠤᠨ ᠢᠶᠠᠨ ᠤᠷᠤᠭ ᠬᠤᠷᠢᠮ ᠤᠨ | ᠤᠴᠢᠷ ᠢ ᠡᠬᠦᠰᠭᠡᠨ ᠬᠡᠯᠡᠯᠴᠡᠳᠡᠭ ᠪᠢᠯᠡ᠃ | ᠪᠠᠰᠠ ᠤᠷᠤᠭ ᠬᠤᠯᠪᠤᠬᠤ ᠳᠤ ᠤᠶᠢᠷ᠎ᠡ ᠲᠦᠷᠦᠯ ᠤᠨ ᠲᠤᠳᠤᠷ᠎ᠠ ᠪᠠᠨ ᠪᠡᠷᠢ ᠪᠠᠭᠤᠯᠭᠠᠬᠤ ᠶᠢ ᠴᠡᠬᠡᠷᠯᠡᠳᠡᠭ ᠪᠦᠬᠡᠳ ᠬᠦᠦ ᠪᠡᠷᠢ ᠬᠤᠶᠠᠭᠤᠯᠠ ᠪᠠᠨ ᠨᠠᠰᠤ | ᠦᠶ᠎ᠡ ᠪᠠᠷᠤᠭ ᠪᠠᠶᠢᠬᠤ ᠶᠢ ᠤᠨᠴᠠ ᠠᠩᠬᠠᠷᠳᠠᠭ᠃ | ᠲᠡᠬᠦᠨ ᠤ ᠦᠪᠡᠷᠮᠢᠴᠡ ᠬᠡᠪ ᠰᠤᠷᠲᠠᠯ ᠢᠶᠠᠷ ᠢᠶᠠᠨ ᠢᠯᠭᠠᠭ᠎ᠠ ᠲᠠᠢ ᠪᠠᠶᠢᠳᠠᠭ ᠤᠷᠠᠳᠴᠤᠳ ᠤᠨ ᠬᠤᠷᠢᠮ ᠤᠨ ᠵᠠᠩ ᠦᠢᠯᠡ ᠶᠢᠨ ᠪᠦᠬᠦ ᠶᠠᠪᠤᠴᠠ ᠨᠢ ︽ᠠᠮᠠᠨ | ᠰᠦᠢ ᠲᠠᠯᠪᠢᠬᠤ︾ ︽ᠮᠠᠯ ᠮᠦᠩᠭᠦ ᠬᠡᠯᠡᠯᠴᠡᠬᠦ︾ ︽ᠬᠤᠷᠢᠮ ᠬᠢᠬᠦ ︽ᠲᠦᠷᠬᠦᠮᠴᠢᠯᠡᠬᠦ︾ ︽ᠵᠤᠯᠭᠠᠯᠲᠠ ᠬᠢᠬᠦ︾ ︽ᠡᠷᠬᠢᠯᠲᠡ ᠬᠢᠬᠦ︾ ᠵᠡᠷᠭᠡ ᠶᠢᠨ ᠠᠯᠬᠤᠮ | ᠲᠠᠷᠠᠭ᠎ᠠ ᠪᠠᠷ ᠶᠠᠪᠤᠭᠳᠠᠳᠠᠭ ᠪᠢᠯᠡ᠃ | ᠠᠮᠠᠨ ᠰᠦᠢ ᠲᠠᠯᠪᠢᠬᠤ | ᠡᠷ᠎ᠡ ᠶᠢᠨ ᠵᠡᠷᠭᠡ ᠳᠤ ᠬᠦᠷᠦᠭᠰᠡᠨ ᠬᠦᠪᠡᠬᠦᠨ ᠲᠠᠢ ᠠᠶᠢᠯ᠂ ᠬᠦᠦ ᠳᠤ ᠪᠠᠨ ᠪᠡᠷᠢ ᠪᠠᠭᠤᠯᠭᠠᠰᠤᠭᠠᠢ ᠭᠡᠪᠡᠰᠦ ᠬᠡᠤᠬᠡᠨ ᠲᠠᠢ ᠠᠶᠢᠯ ᠳᠤ ᠬᠠᠷᠠᠯᠲᠠ ᠪᠠᠨ | ᠲᠤᠭᠲᠠᠭᠠᠵᠤ ᠶᠠᠮᠠᠷ ᠨᠢᠬᠡᠨ ᠠᠷᠭ᠎ᠠ ᠪᠠᠷ ᠴᠤ ᠭᠡᠰᠡᠨ ᠬᠡᠤᠬᠡᠨ ᠲᠠᠢ ᠠᠶᠢᠯ ᠤᠨ ᠶᠠᠭᠡᠴᠤᠳ ᠤᠨ ᠬᠢᠨᠢ ᠠᠮᠠᠨ ᠵᠠᠪᠠᠵᠢ ᠶᠢ ᠨᠢ ᠲᠠᠲᠠᠵᠤ ᠦᠬᠡ ᠶᠢ ᠨᠢ ᠰᠤᠨᠤᠰᠤᠭᠠᠳ | ᠬᠡᠷᠪᠡ ᠪᠤᠯᠬᠤ ᠳᠤ ᠬᠦᠷᠪᠡᠯ ᠬᠦᠪᠡᠬᠦᠨ ᠤ ᠲᠠᠯ᠎ᠠ ᠠᠴᠠ ᠨᠢᠭᠡᠨ ᠡᠯᠢᠭᠡ ᠪᠦᠳᠦᠨ ᠬᠦᠮᠦᠨ ︵ᠲᠡᠭᠡᠷ᠎ᠡ ᠪᠠᠨ ᠶᠡᠬᠡᠴᠤᠤᠯ ᠲᠠᠢ ᠲᠤᠤᠷ᠎ᠠ ᠪᠠᠨ ᠦᠷ᠎ᠡ ᠬᠡᠤᠬᠡᠳ ᠲᠠᠢ︶ ᠢ | ᠭᠤᠶᠤᠵᠤ ᠬᠡᠤᠬᠡᠨ ᠤ ᠲᠠᠯ᠎ᠠ ᠳᠤ ᠤᠴᠢᠭᠤᠯᠵᠤ ᠵᠢᠩᠭᠢᠨᠢ ᠪᠠᠷ ᠤᠷᠤᠭ ᠠᠰᠠᠭᠤᠯᠭᠠᠨᠠ᠃ ᠬᠦᠦ ᠶᠢᠨ ᠲᠠᠯ᠎ᠠ ᠶᠢᠨ ᠵᠠᠭᠤᠴᠢ ᠠᠴᠠ ᠰᠠᠶᠢᠨ ᠬᠠᠳᠠᠭ ᠨᠢᠬᠡ᠂ ᠠᠷᠢᠬᠢ | ᠬᠤᠶᠠᠷ ᠯᠤᠩᠬᠤ᠂ ᠬᠠᠭᠠᠷᠢᠭᠰᠠᠨ ᠲᠤᠭᠤᠢ ᠪᠤᠭᠤᠷᠰᠤᠭ ᠲᠦᠷᠪᠡ᠂ ᠪᠤᠭᠤᠷᠰᠤᠭ ᠤᠨ ᠲᠡᠭᠡᠷ᠎ᠡ ᠲᠠᠯᠪᠢᠬᠤ ᠵᠢᠩᠰᠡ ᠬᠡᠵᠤ ᠮᠦᠰᠦᠨ ᠰᠢᠬᠢᠷ᠂ ᠤᠯᠠᠭᠠᠨ ᠴᠢᠪᠠᠭ᠎ᠠ | ᠲᠡᠷᠢᠬᠦᠲᠡᠨ ᠢ ᠰᠠᠪᠠ ᠬᠡᠮᠡᠨ ᠠᠪᠴᠤ ᠤᠴᠢᠨ᠎ᠠ᠃ | ᠬᠡᠤᠬᠡᠨ ᠤ ᠲᠠᠯ᠎ᠠ ᠶᠢᠨ ᠡᠪᠦᠭᠡ ᠡᠮᠡᠭᠡ ᠮᠡᠳᠦ ᠲᠡᠭᠡᠳᠦᠬᠦᠯᠡ ᠪᠠᠶᠢᠬᠤ ᠳᠤ ᠬᠦᠷᠪᠡᠯ ᠬᠤᠶᠠᠷ ᠲᠠᠯ᠎ᠠ ᠶᠢᠨ ᠬᠡᠤᠬᠡᠳ ᠤᠨ ᠨᠠᠰᠤ ᠵᠢᠯ ᠪᠠ ᠮᠠᠬᠠᠪᠤᠳ ᠤᠨ ᠢᠪᠡᠬᠡᠯ | ᠪᠤᠯᠬᠤ ᠪᠤᠶᠤ ᠬᠠᠷᠰᠢ ᠪᠤᠯᠬᠤ ᠶᠢ ᠪᠠᠰᠠ ᠦᠵᠡᠬᠦᠯᠦᠨ᠎ᠡ᠃ ᠬᠡᠬᠦ ᠳᠤ ᠪᠠᠨ ᠲᠦᠯᠬᠡ ᠰᠢᠨᠵᠢᠬᠦ ᠪᠤᠶᠤ ᠵᠠᠶᠠᠭ᠎ᠠ ᠪᠤᠳᠤᠬᠤ ᠬᠦᠮᠦᠨ ᠢᠶᠠᠷ ᠦᠵᠡᠬᠦᠯᠦᠨ᠎ᠡ᠃ | ᠬᠤᠶᠠᠭᠤᠯᠡ ᠶᠢᠨ ᠵᠢᠯ ᠨᠢ ᠢᠪᠡᠭᠡᠯ ᠪᠤᠯ ᠤᠷᠤᠭ ᠤᠨ ᠶᠠᠪᠤᠳᠠᠯ ᠪᠤᠳᠤᠨ᠎ᠡ᠃ ᠬᠠᠷᠰᠢ ᠪᠤᠯᠪᠠᠯ ᠬᠤᠶᠠᠷ ᠡᠳᠡᠭᠡᠳ ᠲᠤᠷᠠᠲᠠᠢ ᠪᠤᠯᠪᠠᠴᠤ ᠤᠷᠤᠭ ᠤᠨ ᠶᠠᠪᠤᠳᠠᠯ ᠦᠯᠦ | ᠪᠦᠳᠦᠬᠦ᠃ ᠤᠴᠢᠷ ᠨᠢ ᠮᠤᠩᠭᠤᠯ ᠦᠨᠳᠦᠰᠦᠲᠡᠨ ᠡᠷᠲᠡ ᠦᠶ᠎ᠡ ᠠᠴᠠ ᠠᠷᠪᠠᠨ ᠬᠤᠶᠠᠷ ᠵᠢᠯ ᠤᠨ ᠡᠬᠢᠯᠡᠯᠲᠡ ᠪᠤᠯᠤᠨ ᠲᠠᠪᠤᠨ ᠮᠠᠬᠠᠪᠤᠳ ᠢ ᠶᠡᠭᠡ ᠡᠷᠬᠢᠮᠯᠡᠵᠤ | ᠢᠷᠡᠭᠰᠡᠨ ᠠᠴᠠ ᠪᠢᠯᠡ᠃ | ᠵᠠᠭᠤᠴᠢ ᠰᠠᠪᠠ ᠲᠠᠯᠪᠢᠬᠤ᠃ ᠵᠠᠭᠤᠴᠢ ᠨᠢ ᠬᠡᠤᠬᠡᠨ ᠤ ᠲᠠᠯ᠎ᠠ ᠶᠢᠨ ᠳᠤ ᠢᠷᠡᠭᠡᠳ ᠰᠠᠪᠠ ᠰᠠᠭᠠᠯᠢ ᠪᠠᠨ ᠲᠠᠯᠪᠢᠵᠤ᠂ ᠬᠡᠤᠬᠡᠨ ᠤ ᠶᠠᠬᠡᠴᠤᠤᠯ ᠲᠠᠢ ᠨᠢᠭᠡ ᠵᠡᠷᠭᠡ | ᠶᠠᠷᠢᠯᠴᠠᠵᠤ᠂ ᠢᠷᠡᠭᠰᠡᠨ ᠵᠤᠷᠢᠯᠭ᠎ᠠ ᠪᠠᠨ ᠶᠠᠷᠢᠵᠤ᠂ ᠭᠤᠷᠢᠮ ᠶᠤᠰᠤ ᠪᠠᠨ ᠬᠦᠢᠴᠡᠳᠭᠡᠭᠰᠡᠨ ᠤ ᠲᠠᠷᠠᠭ᠎ᠠ᠂ ᠤᠳᠤ ᠬᠡᠤᠬᠡᠨ ᠤ ᠲᠠᠯ᠎ᠠ ᠠᠴᠠ ᠬᠦᠷᠭᠡᠨ ᠲᠠᠯ᠎ᠠ ᠶᠢᠨ | ᠵᠠᠭᠤᠴᠢ ᠶᠢ ᠬᠦᠨᠳᠤᠳᠭᠡᠨ ᠵᠤᠴᠢᠯᠠᠬᠤ ᠶᠢᠨ ᠬᠠᠮᠳᠤ ᠮᠠᠯ ᠮᠦᠩᠭᠦ ᠬᠡᠯᠡᠯᠴᠡᠬᠦ ᠡᠳᠦᠷ ᠬᠤᠭᠤᠴᠠᠭ᠎ᠠ ᠶᠢ ᠶᠠᠷᠢᠯᠴᠠᠨ ᠲᠤᠭᠲᠠᠭᠠᠳᠠᠭ᠃ ᠵᠠᠭᠤᠴᠢ ᠠᠴᠠ ᠬᠠᠳᠠᠭ | ᠲᠡᠷᠢᠬᠦᠳᠡᠨ ᠪᠡᠯᠡᠭ ᠰᠠᠯᠲᠠ ᠪᠠᠨ ᠬᠡᠤᠬᠡᠨ ᠤ ᠲᠠᠯ᠎ᠠ ᠶᠢᠨ ᠠᠪᠤ ᠡᠵᠢ ᠳᠤ ᠪᠠᠷᠢᠬᠤ ᠳᠤ ᠲᠡᠲᠡ ᠲᠤᠷᠠᠳᠠᠶᠢᠶ᠎ᠠ ᠬᠦᠯᠢᠶᠡᠨ ᠠᠪᠤᠪᠠᠰᠤ ᠲᠠᠷᠤᠢ ︽ᠬᠠᠳᠠᠭ ᠲᠠᠯᠪᠢᠪᠠᠯ | ᠬᠠᠳᠠᠭᠠᠰᠤ︾ ᠬᠡᠳᠡᠭᠴᠢᠯᠡᠨ ᠬᠤᠶᠠᠷ ᠲᠠᠯ᠎ᠠ ᠶᠢᠨ ᠤᠷᠤᠭ ᠤᠨ ᠤᠴᠢᠷ ᠤᠨ ᠬᠠᠳᠠᠭᠠᠰᠤ ᠮᠡᠳᠤ ᠪᠠᠬᠢᠯᠡᠨ ᠲᠤᠭᠲᠠᠭᠠᠭᠰᠠᠨ ᠢ ᠬᠡᠷᠡᠴᠢᠯᠡᠳᠡᠭ᠃ | ᠲᠤᠳᠤᠰᠡᠴᠡᠨ ᠤ ᠨᠠᠶᠢᠷᠠᠭᠤᠯᠤᠨ ᠵᠤᠬᠢᠶᠠᠭᠰᠠᠨ ︽ᠤᠷᠠᠳ ᠵᠠᠩ ᠦᠢᠯᠡ ᠶᠢᠨ ᠰᠤᠳᠤᠯᠤᠯ︾ ᠠᠴᠠ ᠪᠠᠭᠤᠯᠭᠠᠪᠠ | |