ᠦᠷᠬᠦᠯᠵᠢ ᠵᠢᠭᠠᠰᠤᠨ ᠮᠢᠬ᠎ᠠ ᠢᠳᠡᠪᠡᠯ ᠨᠦᠢᠷ ᠤᠨ ᠪᠤᠯᠴᠢᠷᠬᠠᠢ ᠶᠢᠨ ᠦᠮᠡᠨ ᠢ ᠰᠡᠷᠭᠡᠶᠢᠯᠡᠨ᠎ᠠ
ᠨᠡᠶᠢᠲᠡᠯᠡᠭᠰᠡᠨ ᠴᠠᠭ᠄
2023/3/27
      ᠵᠢᠭᠠᠰᠤ᠂ ᠢᠯᠠᠩᠭᠤᠶ᠎ᠠ ᠬᠦᠨ ᠳᠠᠯᠠᠢ ᠳᠠᠬᠢ ᠵᠢᠭᠠᠰᠤᠨ ᠮᠢᠬ᠎ᠠ ᠶᠢ ᠦᠷᠬᠦᠯᠵᠢ ᠢᠳᠡᠬᠦ ᠨᠢ ᠵᠢᠷᠦᠭᠡ ᠳᠠᠷᠢᠬᠢᠨ ᠤ ᠡᠷᠡᠬᠦᠯᠵᠢᠯ ᠳᠤ ᠳᠤᠰᠠᠳᠠᠢ ᠭᠡᠯᠴᠡᠳᠡᠭ᠃ ᠤᠢᠢᠷ᠎ᠠ ᠳᠤ᠂ ︽ᠠᠮᠧᠷᠢᠺᠠ ᠶᠢᠨ ᠡᠮᠴᠢᠯᠡᠭᠡᠨ ᠤ ᠰᠢᠮ᠎ᠡ ᠲᠡᠵᠢᠭᠡᠯ ᠤᠨ ᠰᠤᠳᠤᠯᠤᠯ ᠰᠡᠳᠬᠦᠯ︾ ᠶᠠᠫᠤᠨ ᠤ ᠨᠢᠭᠡᠨ ᠰᠢᠨ᠎ᠡ ᠰᠤᠳᠤᠯᠭᠠᠨ ᠤ ᠪᠦᠳᠦᠭᠡᠯ ᠢ ᠨᠡᠶᠢᠳᠡᠯᠡᠵᠦ᠂ ᠵᠢᠭᠠᠰᠤᠨ ᠮᠢᠬ᠎ᠠ ᠦᠷᠬᠦᠯᠵᠢ ᠢᠳᠡᠪᠡᠯ ᠪᠠᠰᠠ ᠨᠦᠢᠷ ᠤᠨ ᠪᠤᠯᠴᠢᠷᠬᠠᠢ ᠶᠢᠨ ᠦᠮᠡᠨ ᠤ ᠲᠦᠭᠰᠢᠬᠦᠷᠢ ᠶᠢ ᠪᠠᠭᠠᠰᠬᠠᠳᠠᠭ ᠬᠡᠪᠡ᠃ ᠵᠢᠭᠠᠰᠤᠨ ᠮᠢᠬ᠎ᠠ ᠦᠷᠬᠦᠯᠵᠢ ᠢᠳᠡᠳᠡᠭ ᠬᠦᠮᠦᠨ ᠤ ᠨᠦᠢᠷ ᠤᠨ ᠪᠤᠯᠴᠢᠷᠬᠠᠢ ᠶᠢᠨ ᠦᠮᠡᠨ ᠳᠤ ᠨᠡᠷᠪᠡᠭᠳᠡᠬᠦ ᠲᠦᠭᠰᠢᠬᠦᠷᠢ ᠨᠢ ᠪᠤᠰᠤᠳ ᠠᠴᠠ 30% ᠢᠶᠠᠷ ᠳᠤᠤᠷ᠎ᠠ ᠪᠠᠶᠢᠪᠠ᠃ ᠰᠤᠳᠤᠯᠭᠠᠳᠠᠳ ᠤᠨ ᠵᠢᠭᠠᠵᠤ ᠭᠠᠷᠭᠠᠭᠰᠠᠨ ᠢᠶᠠᠷ᠂ ᠵᠢᠭᠠᠰᠤᠨ ᠳᠠᠬᠢ ᠬᠠᠨᠤᠭᠰᠠᠨ ᠦᠭᠡᠢ ᠦᠭᠡᠬᠦᠨ ᠬᠦᠴᠢᠯ ᠨᠢ ᠦᠷᠪᠢᠰᠦᠯ ᠢ ᠡᠰᠡᠷᠬᠦᠴᠡᠬᠦ ᠪᠠ ᠦᠯᠦ ᠬᠠᠯᠳᠠᠭᠠᠬᠤ ᠴᠢᠳᠠᠯ ᠢ ᠵᠤᠬᠢᠴᠠᠭᠤᠯᠬᠤ ᠦᠢᠯᠡᠳᠦᠯ ᠲᠠᠢ ᠮᠦᠷᠲᠡᠭᠡᠨ ᠨᠦᠢᠷ ᠤᠨ ᠪᠤᠯᠴᠢᠷᠬᠠᠢ ᠶᠢᠨ ᠦᠷᠪᠢᠰᠦᠯ ᠢ ᠳᠠᠷᠤᠳᠠᠭ ᠠᠴᠠ ᠨᠦᠢᠷ ᠤᠨ ᠪᠤᠯᠴᠢᠷᠬᠠᠢ ᠶᠢᠨ ᠦᠮᠡᠨ ᠤ ᠲᠦᠭᠰᠢᠬᠦᠷᠢ ᠴᠤ ᠪᠠᠭᠠᠰᠤᠨ᠎ᠡ᠃ ᠡᠶᠢᠮᠦ ᠠᠴᠠ ᠦᠷᠬᠦᠯᠵᠢ ᠵᠢᠭᠠᠰᠤᠨ ᠮᠢᠬ᠎ᠠ ᠢᠳᠡᠬᠦ ᠨᠢ ᠮᠠᠬᠠᠪᠤᠳ ᠤᠨ ᠡᠷᠡᠬᠦᠯᠵᠢᠯ ᠳᠤ ᠮᠠᠰᠢ ᠳᠤᠰᠠᠳᠠᠢ ᠶᠤᠮ᠃
ᠢᠷᠡᠯᠲᠡ᠄ ᠲᠤᠰ ᠰᠦᠯᠵᠢᠶ᠎ᠡ