ᠨᠠᠮᠤᠷ ᠤᠨ ᠠᠭᠤᠷ ᠠᠮᠢᠰᠬᠤᠯ ᠬᠠᠩᠭᠢᠨ ᠬᠤᠶᠢᠲᠤ ᠬᠤᠰᠢᠭᠤᠨ ᠤ ᠡᠯ ᠳ᠋ᠤᠤ ᠴᠢᠶᠣᠤ ᠪᠠᠯᠭᠠᠰᠤᠨ ᠤ ᠳ᠋ᠦᠩ ᠹᠠᠩ ᠬᠤᠩ ᠲᠣᠰᠬᠤᠨ ᠤ ᠲᠦᠮᠡᠨ ᠮᠦ ᠠᠮᠤ | ᠪᠤᠳᠠᠭ᠎ᠠ ᠥᠨᠳᠥᠷ ᠪᠦᠲᠦᠮᠵᠢᠲᠡᠢ ᠥᠨᠳᠥᠷ ᠤᠨᠠᠯᠲᠠ ᠶᠢᠨ ᠵᠢᠱᠢᠶ᠎ᠡ ᠦᠵᠡᠭᠦᠯᠬᠦ ᠬᠦᠷᠢᠶᠡᠯᠡᠩ ᠲᠣᠭᠤᠷᠢᠭ ᠲᠤ᠂ ᠨᠠᠮ ᠤᠨ ᠡᠭᠦᠷ ᠤᠨ ᠱᠦᠵᠢ ᠭᠤᠤ ᠵᠢᠶᠠᠨ ᠵᠢᠶᠦ᠋ᠨ | ᠲᠣᠰᠬᠤᠨ ᠤ ᠠᠷᠠᠳ ᠢ ᠳᠠᠭᠠᠭᠤᠯᠤᠨ ᠨᠣᠬᠠᠢ ᠶᠢᠨ ᠬᠤᠰᠢᠭᠤ ᠶᠢᠨ ᠡᠪᠡᠰᠦ ᠶᠢ ᠬᠠᠳᠤᠵᠤ ᠪᠠᠶᠢᠨ᠎ᠠ᠂ ᠬᠠᠳᠤᠵᠤ ᠬᠤᠷᠢᠶᠠᠬᠤ ᠮᠠᠰᠢᠨ ᠤ ᠬᠦᠩᠭᠢᠨᠡᠮ᠎ᠡ ᠳᠠᠭᠤᠨ ᠢ | ᠳᠠᠭᠠᠯᠳᠤᠨ᠂ ᠮᠥᠷ ᠪᠣᠯᠭᠠᠨ ᠲᠡᠷᠢ ᠲᠡᠭᠰᠢ ᠨᠣᠬᠠᠢ ᠶᠢᠨ ᠬᠤᠰᠢᠭᠤ ᠶᠢᠨ ᠡᠪᠡᠰᠦ ᠶᠢ ᠬᠠᠳᠤᠵᠤ ᠤᠨᠠᠭᠰᠠᠨ ᠰᠢᠭ᠂ ᠡᠨᠡ ᠨᠢ ᠡᠬᠡ ᠭᠠᠵᠠᠷ ᠲᠤ ᠰᠢᠵᠢᠷ ᠠᠯᠳᠠᠨ | ᠲᠣᠷᠭᠠᠨ ᠲᠣᠷᠭ᠎ᠠ ᠳᠡᠪᠢᠰᠴᠦ ᠪᠠᠶᠢᠭ᠎ᠠ ᠰᠢᠭ᠋ ᠪᠠᠶᠢᠯ᠎ᠠ᠃ | ᠣᠶᠢᠷ᠎ᠠ ᠶᠢᠨ ᠵᠢᠯ ᠳᠤ᠂ ᠬᠤᠰᠢᠭᠤᠨ ᠤ ᠨᠠᠮ ᠤᠨ ᠬᠤᠷᠢᠶ᠎ᠠ ᠵᠠᠰᠠᠭ ᠤᠨ ᠣᠷᠳᠣᠨ ᠤ ᠬᠦᠴᠦᠲᠡᠶ ᠳᠡᠮᠵᠢᠯᠭᠡ ᠳᠣᠤᠷ᠎ᠠ᠂ ᠡᠯ ᠳ᠋ᠤᠤ ᠴᠢᠶᠣᠤ ᠪᠠᠯᠭᠠᠰᠤ ︽ | ᠨᠢᠭᠡᠳᠦᠯᠲᠡᠶ ᠳᠠᠷᠢᠵᠤ ᠬᠠᠮᠲᠤ ᠪᠠᠷ ᠪᠠᠶᠠᠵᠢᠬᠤ︾ ᠡᠵᠡᠩᠨᠡᠯᠲᠡ ᠶᠢᠨ ᠵᠠᠭᠪᠤᠷ ᠢ ᠢᠳᠡᠪᠬᠢᠲᠡᠶ ᠰᠦᠪᠡᠭᠴᠢᠯᠡᠵᠦ᠂ ᠳ᠋ᠦᠩ ᠹᠠᠩ ᠬᠤᠩ ᠲᠣᠰᠬᠤᠨ ᠤ ᠨᠠᠮ ᠤᠨ ᠡᠭᠦᠷ | ᠶᠠᠩ ᠢ ᠴᠧᠩ ᠲᠠᠷᠢᠮᠠᠯ ᠤᠨ ᠲᠤᠰᠬᠠᠶ ᠬᠤᠷᠰᠢᠶ᠎ᠠ ᠶᠢ ᠪᠠᠶᠢᠭᠤᠯᠵᠤ᠂ ᠲᠣᠰᠬᠤᠨ ᠤ ᠠᠷᠠᠳ ᠭᠠᠵᠠᠷ ᠰᠢᠷᠣᠶ ᠶᠢ ᠡᠷᠭᠢᠯᠲᠡ ᠳᠤ ᠣᠷᠣᠭᠤᠯᠬᠤ᠂ ᠬᠤᠪᠢ ᠣᠷᠣᠭᠤᠯᠬᠤ | ᠠᠷᠭ᠎ᠠ ᠮᠠᠶ᠋ᠢᠭ ᠢᠶᠠᠷ ᠳᠠᠮᠵᠢᠭᠤᠯᠤᠨ᠂ 1 ᠲᠦᠮᠡᠨ ᠮᠥ ᠭᠠᠵᠠᠷ ᠰᠢᠷᠣᠶ ᠶᠢ ᠬᠤᠷᠰᠢᠶ᠎ᠠ ᠳᠤ ᠲᠤᠰᠢᠶᠠᠵᠤ ᠲᠥᠪᠯᠡᠷᠡᠭᠦᠯᠦᠨ ᠡᠵᠡᠩᠨᠡᠭᠦᠯᠪᠡ᠃ ᠡᠨᠡ ᠵᠢᠯ ᠭᠠᠵᠠᠷ | ᠰᠢᠷᠣᠶ ᠶᠢᠨ ᠠᠰᠢᠭᠯᠠᠯᠲᠠ ᠶᠢᠨ ᠨᠣᠷᠮ᠎ᠠ ᠶᠢ ᠳᠡᠭᠡᠭᠰᠢᠯᠡᠭᠦᠯᠵᠦ᠂ ᠲᠠᠷᠢᠶᠠᠯᠠᠬᠤ ᠳᠦᠷᠢᠮ ᠢ ᠳᠠᠩ ᠴᠤᠯᠭᠤᠶ ᠵᠠᠭᠪᠤᠷ ᠠᠴᠠ ︽ᠲᠠᠬᠢᠨ ᠲᠠᠷᠢᠬᠤ ᠪᠠ ᠬᠤᠶᠠᠷ ᠢ | ᠪᠣᠯᠪᠠᠰᠤᠷᠠᠭᠤᠯᠬᠤ︾ ᠲᠡᠰᠢ ᠬᠤᠪᠢᠷᠠᠭᠤᠯᠬᠤ ᠶᠢ ᠠᠬᠢᠭᠤᠯᠬᠤ ᠶᠢᠨ ᠲᠥᠯᠥᠭᠡ᠂ ᠲᠠᠷᠢᠶᠠᠴᠢᠳ ᠤᠨ ᠣᠷᠣᠯᠭ᠎ᠠ ᠶᠢ ᠨᠡᠮᠡᠭᠳᠡᠭᠦᠯᠬᠦ ᠳᠤ ᠰᠢᠨ᠎ᠡ ᠠᠷᠭ᠎ᠠ ᠵᠠᠮ ᠢ ᠬᠠᠶᠢᠨ | ᠰᠦᠪᠡᠭᠴᠢᠯᠡᠵᠦ᠂ ᠬᠤᠷᠰᠢᠶ᠎ᠠ 1000 ᠮᠦ ᠭᠠᠵᠠᠷ ᠰᠢᠷᠣᠶ ᠶᠢ ᠪᠤᠭᠤᠳᠠᠶ ᠶᠢᠨ ᠳᠠᠷᠠᠭ᠎ᠠ ᠳᠠᠬᠢᠨ ᠨᠣᠬᠠᠶ ᠶᠢᠨ ᠬᠤᠰᠢᠭᠤ ᠶᠢᠨ ᠡᠪᠡᠰᠦ ᠲᠠᠷᠢᠬᠤ ᠲᠤᠷᠰᠢᠯᠲᠠ ᠬᠢᠵᠦ᠂ | ᠪᠤᠭᠤᠳᠠᠶ ᠶᠢᠨ ᠳᠠᠷᠠᠭᠠᠬᠢ ᠨᠠᠮᠤᠷ ᠤᠨ ᠰᠤᠯᠠ ᠲᠠᠷᠢᠶᠠᠨ ᠭᠠᠵᠠᠷ ᠢ ᠭᠦᠢᠴᠡᠳ ᠠᠰᠢᠭᠯᠠᠨ᠂ ᠦᠢᠯᠡᠳᠪᠦᠷᠢᠯᠡᠯ ᠤᠨ ᠬᠤᠭᠤᠴᠠᠭ᠎ᠠ ᠶᠢ ᠤᠷᠲᠤᠳᠬᠠᠵᠤ᠂ ᠪᠤᠭᠤᠳᠠᠶ | ᠲᠠᠷᠢᠬᠤ ᠦᠷ᠎ᠡ ᠠᠰᠢᠭ ᠢᠶᠠᠷ ᠨᠡᠯᠢᠶᠡᠳ ᠳᠣᠤᠷ᠎ᠠ ᠪᠠᠶᠢᠬᠤ ᠬᠦᠴᠢᠷ ᠠᠰᠠᠭᠤᠳᠠᠯ ᠢ ᠰᠢᠶ᠋ᠳᠪᠦᠷᠢᠯᠡᠬᠦ ᠪᠠᠷ ᠪᠠᠷᠠᠬᠤ ᠦᠭᠡᠢ᠂ ᠪᠠᠰᠠ ᠨᠢᠭᠡ ᠤᠯᠠᠷᠢᠯ ᠤᠨ ᠴᠢᠨᠠᠷ ᠰᠠᠶᠢᠲᠠᠶ | ᠲᠡᠵᠢᠭᠡᠯ ᠡᠪᠡᠰᠦ ᠬᠤᠷᠢᠶᠠᠵᠤ᠂ ᠪᠠᠰᠠ ᠨᠣᠭᠤᠭᠠᠨ ᠪᠣᠷᠳᠣᠭᠤᠷ ᠢ ᠲᠠᠷᠢᠶᠠᠨ ᠭᠠᠵᠠᠷ ᠲᠤ ᠪᠤᠴᠠᠭᠠᠬᠤ ᠶᠢ ᠪᠡᠶᠡᠯᠡᠭᠦᠯᠵᠦ᠂ ᠬᠥᠷᠥᠰᠥ ᠰᠢᠷᠣᠶ ᠶᠢᠨ ᠣᠷᠭᠠᠨᠢᠭ ᠪᠣᠳᠠᠰ ᠢ | ᠨᠡᠮᠡᠭᠳᠡᠭᠦᠯᠵᠦ ᠪᠣᠯᠤᠨ᠎ᠠ᠃ ᠪᠤᠭᠤᠳᠠᠶ ᠨᠣᠬᠠᠶ ᠶᠢᠨ ᠬᠤᠰᠢᠭᠤ ᠶᠢᠨ ᠡᠪᠡᠰᠦ ᠶᠢᠨ ᠵᠠᠰᠠᠭ ᠤᠨ ᠣᠷᠳᠣᠨ ᠠᠴᠠ ᠨᠥᠬᠦᠪᠥᠷᠢ ᠥᠭᠴᠦ᠂ ᠬᠤᠶᠠᠷ ᠮᠦ ᠪᠦᠷᠢ ᠶᠢᠨ | ᠳᠤᠮᠳᠠᠴᠢ ᠠᠰᠢᠭ ᠣᠷᠣᠯᠭ᠎ᠠ 2800 ᠲᠥᠭᠦᠷᠢᠭ ᠲᠤ ᠬᠦᠷᠴᠦ᠂ ᠡᠭᠦᠨ ᠠᠴᠠ ᠡᠮᠦᠨ᠎ᠡ ᠲᠠᠷᠢᠶᠠᠴᠢᠨ ᠡᠷᠦᠬᠡ ᠶᠢᠨ ᠲᠠᠷᠠᠬᠠᠶ ᠪᠤᠲᠠᠷᠬᠠᠶ ᠲᠠᠷᠢᠮᠠᠯ ᠤᠨ ᠮᠦ ᠪᠦᠷᠢ ᠶᠢᠨ | ᠳᠤᠮᠳᠠᠴᠢ ᠴᠡᠪᠡᠷ ᠣᠷᠣᠯᠭ᠎ᠠ 700 ᠲᠥᠭᠦᠷᠢᠭ ᠣᠷᠴᠢᠮ ᠨᠡᠮᠡᠭᠳᠡᠨ᠎ᠡ᠃ | ︽ᠬᠤᠶᠠᠷ ᠵᠢᠯ ᠤᠨ ᠡᠮᠦᠨ᠎ᠡ᠂ ᠪᠢᠳᠡ ᠴᠥᠮ ᠭᠠᠭᠴᠠᠭᠠᠷ ᠲᠡᠮᠡᠴᠡᠵᠦ᠂ ᠲᠡᠷᠡ ᠦᠶ᠎ᠡ ᠳᠤ ᠡᠷᠦᠬᠡ ᠪᠦᠷᠢ ᠬᠤᠷᠢ ᠭᠤᠴᠢᠨ ᠮᠦ ᠭᠠᠵᠠᠷ ᠳᠠᠷᠢᠵᠤ᠂ ᠡᠳᠦᠷ | ᠪᠦᠷᠢ ᠬᠦᠴᠦ ᠭᠠᠷᠭᠠᠵᠤ᠂ ᠪᠦᠷ ᠬᠥᠮᠦᠨ ᠤ ᠬᠦᠴᠦ ᠪᠠᠷ ᠠᠵᠢᠯᠯᠠᠵᠤ᠂ ᠬᠦᠴᠦ ᠪᠠᠷᠠᠵᠤ᠂ ᠪᠠᠰᠠ ᠴᠠᠭ ᠵᠠᠷᠤᠴᠠᠭᠤᠯᠵᠤ᠂ ᠲᠠ ᠨᠢᠭᠡ ᠬᠡᠰᠡᠭ ᠪᠤᠭᠤᠳᠠᠢ ᠲᠠᠷᠢᠵᠤ᠂ | ᠪᠢ ᠨᠢᠭᠡ ᠬᠡᠰᠡᠭ ᠡᠷᠳᠡᠨᠢ ᠰᠢᠰᠢ ᠳᠠᠷᠢᠵᠤ᠂ ᠠᠰᠢᠭ ᠣᠷᠣᠯᠭ᠎ᠠ ᠲᠡᠶᠢᠮᠦ ᠰᠠᠶᠢᠨ ᠪᠢᠰᠢ ᠪᠠᠶᠢᠵᠠᠢ᠃ ᠰᠡᠭᠦᠯᠡᠷ ᠨᠢ ᠭᠠᠵᠠᠷ ᠰᠢᠷᠣᠶ ᠶᠢ ᠡᠮᠬᠢᠯᠡᠨ ᠨᠡᠶᠢᠯᠡᠭᠦᠯᠬᠦ ᠪᠠᠷ | ᠳᠠᠮᠵᠢᠭᠤᠯᠤᠨ᠂ ᠪᠠᠭ᠎ᠠ ᠲᠠᠷᠢᠶ᠎ᠠ ᠶᠢ ᠲᠣᠮᠣ ᠲᠠᠷᠢᠶᠠᠨ ᠭᠠᠵᠠᠷ ᠪᠣᠯᠭᠠᠨ ᠬᠤᠪᠢᠷᠠᠭᠤᠯᠵᠤ᠂ ᠭᠠᠵᠠᠷ ᠰᠢᠷᠣᠶ ᠶᠢ ᠬᠤᠷᠰᠢᠶ᠎ᠠ ᠳᠤ ᠰᠢᠯᠵᠢᠭᠦᠯᠦᠨ ᠥᠭᠴᠦ᠂ ᠲᠠᠷᠢᠮᠠᠯ ᠤᠨ | ᠡᠷᠦᠬᠡ ᠲᠣᠰ ᠲᠣᠰ ᠪᠠᠶᠢᠯᠳᠤᠭᠠᠨ ᠳᠤ ᠣᠷᠣᠯᠴᠠᠬᠤ᠂ ᠠᠵᠤ ᠦᠢᠯᠡᠰ ᠨᠢ ᠬᠡᠪᠴᠢᠶᠡᠵᠢᠵᠦ ᠳᠡᠶᠢᠯᠬᠦ ᠥᠬᠡᠶ᠂ ᠮᠡᠷᠭᠡᠵᠢᠯ ᠨᠢ ᠬᠤᠴᠣᠷᠤᠩᠭᠤᠶ ᠥᠪᠡᠷ ᠤᠨ | ᠥᠷᠲᠡᠭ ᠨᠢ ᠥᠨᠳᠥᠷ ᠪᠠᠶᠢᠬᠤ ᠪᠠᠶᠢᠳᠠᠯ ᠢ ᠲᠦᠢᠯᠪᠤᠷᠢᠲᠠᠶ ᠡᠪᠳᠡᠪᠡ᠃ ᠣᠳᠣ ᠪᠢᠳᠡ ᠭᠠᠵᠠᠷ ᠰᠢᠷᠣᠶ ᠶᠢ ᠡᠷᠭᠢᠯᠲᠡ ᠳᠤ ᠣᠷᠣᠭᠤᠯᠤᠭᠰᠠᠨ ᠣᠷᠣᠯᠭ᠎ᠠ ᠲᠠᠢ | ᠪᠠᠶᠢᠬᠤ ᠪᠠᠷ ᠪᠠᠷᠠᠬᠤ ᠥᠬᠡᠶ᠂ ᠪᠠᠰᠠ ᠬᠤᠷᠰᠢᠶ᠎ᠠ ᠳᠤ ᠬᠦᠷᠴᠦ ᠬᠥᠯᠥᠰᠥᠨ ᠠᠵᠢᠯ ᠬᠢᠵᠦ ᠣᠯᠤᠭᠰᠠᠨ ᠬᠥᠳᠡᠯᠮᠦᠷᠢ ᠶᠢᠨ ᠣᠷᠣᠯᠭ᠎ᠠ ᠪᠠᠶᠢᠵᠤ᠂ ᠲᠣᠭᠲᠠᠭᠤᠨ ᠢᠶᠠᠷ | ᠣᠷᠣᠯᠭ᠎ᠠ ᠪᠠᠨ ᠨᠡᠮᠡᠭᠳᠡᠭᠦᠯᠬᠦ ᠶᠢ ᠪᠡᠶᠡᠯᠡᠭᠦᠯᠵᠡᠢ᠂ ᠪᠢ ᠡᠨᠡ ᠬᠦ ᠵᠠᠭᠪᠤᠷ ᠢ ᠮᠠᠰᠢ ᠵᠥᠪᠰᠢᠶᠡᠷᠡᠵᠦ ᠪᠠᠶᠢᠨ᠎ᠠ︾ ᠭᠡᠵᠦ ᠬᠡᠯᠡᠪᠡ᠃ ︽ᠨᠢᠭᠡᠳᠦᠯᠲᠡᠢ ᠲᠠᠷᠢᠵᠤ ᠬᠠᠮᠲᠤ ᠪᠠᠷ | ᠪᠠᠶᠠᠵᠢᠭᠰᠠᠨ︾ ᠭᠡᠵᠦ ᠪᠠᠶᠢᠭᠰᠠᠨ ᠲᠣᠰᠬᠤᠨ ᠤ ᠠᠷᠠᠳ ᠯᠢ ᠸᠡᠢ ᠬᠡᠯᠡᠪᠡ᠃ | ᠡᠯ ᠳ᠋ᠤᠤ ᠴᠢᠶᠣᠤ ᠪᠠᠯᠭᠠᠰᠤ ᠵᠠᠯᠭᠠᠯᠳᠤᠭᠤᠯᠤᠨ ᠲᠠᠷᠢᠬᠤ ᠳᠡᠭᠡᠷ᠎ᠡ ᠬᠦᠴᠦ ᠲᠠᠯᠪᠢᠬᠤ ᠪᠠᠷ ᠪᠠᠷᠠᠬᠤ ᠦᠭᠡᠢ ᠪᠠᠰᠠ ᠪᠦᠲᠦᠴᠡ ᠶᠢ ᠲᠤᠬᠢᠷᠠᠭᠤᠯᠬᠤ᠂ ᠰᠠᠶᠢᠨ | ᠡᠭᠦᠯᠳᠡᠷ ᠢ ᠣᠷᠣᠭᠤᠯᠬᠤ᠂ ᠲᠡᠷᠢᠭᠦᠨ ᠤ ᠮᠡᠷᠭᠡᠵᠢᠯ ᠢ ᠬᠡᠷᠡᠭᠯᠡᠬᠦ ᠳᠡᠭᠡᠷ᠎ᠡ ᠬᠦᠴᠦ ᠲᠠᠯᠪᠢᠨ᠎ᠠ᠃ ᠡᠮᠦᠨᠡᠬᠢ ᠬᠤᠭᠤᠴᠠᠭᠠᠨ ᠤ ᠬᠠᠷᠢᠴᠠᠭᠤᠯᠤᠯ ᠢᠶᠠᠷ ᠳᠡᠮᠵᠢᠨ᠂ | ᠪᠠᠯᠭᠠᠰᠤᠨ ᠤ ᠨᠠᠮ ᠤᠨ ᠬᠤᠷᠢᠶ᠎ᠠ ᠪᠠ ᠬᠤᠷᠰᠢᠶ᠎ᠠ ᠠᠴᠠ ᠬᠦᠷᠢᠶᠡᠯᠡᠩ ᠲᠣᠭᠤᠷᠢᠭ ᠲᠤ ᠦᠯᠡᠳᠡᠭᠰᠡᠨ 9010 ᠮᠥ ᠡᠷᠳᠡᠨᠢ ᠰᠢᠰᠢ ᠳᠠᠷᠢᠵᠤ᠂ ᠴᠢᠨᠠᠷ ᠰᠠᠶᠢᠲᠠᠶ | ᠨᠢᠭᠲᠠ ᠳᠠᠷᠢᠬᠤ ᠡᠷᠳᠡᠨᠢ ᠰᠢᠰᠢ ᠶᠢᠨ ᠦᠷ᠎ᠡ ᠶᠢ ᠪᠠᠷᠠᠭᠤᠨ ᠮᠣᠩᠭᠤᠯ ᠤᠨ 3358 ᠶᠢ ᠰᠣᠩᠭᠤᠨ ᠬᠡᠷᠡᠭᠯᠡᠵᠦ᠂ ᠵᠤᠵᠠᠭᠠᠨ ᠰᠦᠯᠢᠶᠣᠣ ᠪᠦᠷᠬᠦᠪᠴᠢ ᠶᠢ ᠬᠡᠷᠡᠭᠯᠡᠵᠦ᠂ | ︽ᠳᠣᠬᠢᠭᠤᠷ ᠳᠣᠯᠤᠭᠠᠨ︾ ᠳᠠᠭᠠᠭᠤᠯᠢ ᠣᠳᠣᠨ ᠤ ᠵᠠᠮᠴᠢᠯᠠᠭᠤᠷ ᠢ ᠨᠠᠷᠢᠯᠢᠭ ᠣᠨᠣᠴᠠᠲᠠᠶ ᠪᠠᠷ ᠳᠠᠷᠢᠵᠤ᠂ ᠲᠠᠷᠢᠮᠠᠯ ᠤᠨ ᠨᠢᠭᠲᠠᠴᠠ ᠳᠤ ᠮᠥ ᠪᠦᠷᠢ ᠳᠤ | ᠳᠤᠮᠳᠠᠴᠢ ᠪᠠᠷ 6000 - 6500 ᠰᠠᠭᠤᠷᠢ ᠳᠠᠷᠢᠪᠠ᠃ ᠨᠢᠭᠡᠳᠦᠯᠲᠡᠶ ᠲᠠᠷᠢᠬᠤ᠂ ᠨᠢᠭᠡᠳᠦᠯᠲᠡᠶ ᠬᠠᠮᠢᠶᠠᠷᠬᠤ ᠪᠠ ᠳᠡᠭᠡᠳᠦ ᠰᠢᠨ᠎ᠡ ᠮᠡᠷᠭᠡᠵᠢᠯ ᠢ ᠳᠡᠯᠭᠡᠷᠡᠭᠦᠯᠬᠦ ᠪᠠᠷ | ᠳᠠᠮᠵᠢᠭᠤᠯᠤᠨ᠂ ᠬᠢᠮᠢ ᠶᠢᠨ ᠪᠤᠷᠳᠤᠭᠤᠷ᠂ ᠲᠠᠷᠢᠶᠠᠨ ᠡᠮ ᠤᠨ ᠣᠷᠣᠭᠤᠯᠤᠯᠲᠠ ᠶᠢ ᠪᠠᠭᠠᠰᠬᠠᠬᠤ ᠶᠢᠨ ᠬᠠᠮᠲᠤ ᠪᠠᠰᠠ ᠤᠰᠤ ᠠᠷᠪᠢᠯᠠᠵᠤ ᠦᠷ᠎ᠡ ᠠᠰᠢᠭ ᠢ | ᠨᠡᠮᠡᠭᠳᠡᠭᠦᠯᠵᠦ᠂ ᠠᠵᠤ ᠠᠬᠤᠶ ᠶᠢᠨ ᠦᠷ᠎ᠡ ᠠᠰᠢᠭ ᠪᠠ ᠠᠮᠢ ᠠᠬᠤᠶ ᠶᠢᠨ ᠦᠷ᠎ᠡ ᠠᠰᠢᠭ ᠢ ᠬᠠᠷᠢᠯᠴᠠᠨ ᠨᠢᠭᠡᠳᠬᠡᠬᠦ ᠶᠢ ᠪᠡᠶᠡᠯᠡᠭᠦᠯᠪᠡ᠃ | ᠡᠨᠡ ᠵᠢᠯ᠂ ᠬᠠᠩᠭᠢᠨ ᠬᠤᠶᠢᠲᠤ ᠬᠤᠰᠢᠭᠤᠨ ᠤ ᠱᠠ ᠬᠠᠶ ᠪᠠᠯᠭᠠᠰᠤ ᠴᠤ ᠨᠠᠮ ᠤᠨ ᠡᠭᠦᠷ ᠤᠨ ᠬᠤᠷᠰᠢᠶ᠎ᠠ ᠶᠢ ᠳᠠᠭᠠᠭᠤᠯᠤᠨ ᠡᠷᠭᠢᠯᠡᠬᠦ ᠳᠠᠪᠠᠭᠤᠯᠢᠭ ᠢᠶᠠᠨ | ᠭᠦᠢᠴᠡᠳ ᠪᠠᠳᠠᠷᠠᠭᠤᠯᠵᠤ᠂ ︽ᠨᠢᠭᠡᠳᠦᠯᠲᠡᠶ ᠳᠠᠷᠢᠵᠤ ᠬᠠᠮᠲᠤ ᠪᠠᠷ ᠪᠠᠶᠠᠵᠢᠬᠤ︾ ᠵᠠᠭᠪᠤᠷ ᠢ ᠢᠳᠡᠪᠬᠢᠲᠡᠶ ᠳᠡᠯᠭᠡᠷᠡᠭᠦᠯᠦᠨ᠂ ᠲᠤᠷᠰᠢᠯᠲᠠ ᠶᠢᠨ ᠴᠡᠭ ᠢ ᠤᠷᠢᠳᠠᠪᠠᠷ | ᠬᠡᠷᠡᠭᠵᠢᠭᠦᠯᠬᠦ᠂ ᠯᠠᠪᠳᠠᠭᠤᠨ ᠪᠥᠭᠡᠳ ᠡᠮᠬᠢ ᠵᠢᠷᠤᠮ ᠲᠠᠢ᠂ ᠠᠯᠬᠤᠮ ᠬᠤᠪᠢᠶᠠᠨ ᠠᠬᠢᠭᠤᠯᠬᠤ ᠵᠠᠷᠴᠢᠮ ᠶᠣᠰᠣᠭᠠᠷ᠂ ᠰᠢᠨ ᠬᠤᠩ ᠲᠣᠰᠬᠤᠨ ᠢ ︽ᠨᠢᠭᠡᠳᠦᠯᠲᠡᠶ | ᠳᠠᠷᠢᠵᠤ ᠬᠠᠮᠲᠤ ᠪᠠᠷ ᠪᠠᠶᠠᠵᠢᠬᠤ︾ ᠲᠤᠷᠰᠢᠯᠲᠠ ᠶᠢᠨ ᠲᠣᠰᠬᠤᠨ ᠢ ᠪᠣᠶ ᠪᠣᠯᠭᠠᠪᠠ᠃ ᠪᠠᠯᠭᠠᠰᠤᠨ ᠤ ᠨᠠᠮ ᠤᠨ ᠬᠤᠷᠢᠶ᠎ᠠ᠂ ᠵᠠᠰᠠᠭ ᠤᠨ ᠣᠷᠳᠣᠨ ᠰᠢᠨ ᠬᠤᠩ | ᠲᠣᠰᠬᠤᠨ ᠤ ᠣᠷᠴᠢᠨ ᠲᠣᠭᠤᠷᠢᠨ ᠤ ᠨᠥᠬᠦᠴᠡᠯ ᠢ ᠭᠦᠢᠴᠡᠳ ᠪᠣᠳᠣᠯᠬᠢᠯᠠᠵᠤ᠂ ᠥᠨᠳᠥᠷ ᠪᠠᠷᠢᠮᠵᠢᠶᠠᠲᠤ ᠲᠠᠷᠢᠶᠠᠨ ᠭᠠᠵᠠᠷ ᠤᠨ ᠪᠦᠲᠦᠭᠡᠨ ᠪᠠᠶᠢᠭᠤᠯᠤᠯᠲᠠ ᠶᠢ | ᠬᠥᠭᠵᠢᠯᠲᠡ ᠶᠢᠨ ᠳᠠᠪᠠᠭᠤᠯᠢᠭ ᠤᠨᠴᠠᠯᠢᠭᠳᠤ ᠠᠵᠤ ᠦᠢᠯᠡᠰ ᠲᠠᠢ ᠤᠶᠠᠯᠳᠤᠭᠤᠯᠤᠨ᠂ ᠥᠨᠳᠥᠷ ᠪᠠᠷᠢᠮᠵᠢᠶᠠᠲᠤ ᠲᠠᠷᠢᠶᠠᠨ ᠭᠠᠵᠠᠷ ᠤᠨ ᠪᠦᠲᠦᠭᠡᠨ | ᠪᠠᠶᠢᠭᠤᠯᠤᠯᠲᠠ ᠶᠢᠨ ᠪᠠᠶᠢᠷᠢᠰᠢᠯ ᠢ ᠤᠯᠠᠮ ᠨᠢᠭᠡ ᠠᠯᠬᠤᠮ ᠰᠢᠯᠢᠳᠡᠭᠵᠢᠭᠦᠯᠵᠦ᠂ ᠲᠠᠷᠢᠶᠠᠨ ᠭᠠᠵᠠᠷ ᠢ ᠡᠮᠬᠢᠯᠡᠨ ᠨᠡᠶᠢᠯᠡᠭᠦᠯᠬᠦ ᠪᠠᠷ ᠳᠠᠮᠵᠢᠭᠤᠯᠤᠨ᠂ ᠬᠥᠭᠦᠷᠭᠡ᠂ | ᠭᠤᠯᠳᠤᠩ᠂ ᠵᠠᠮ᠂ ᠬᠠᠭᠠᠯᠲᠠ᠂ ᠰᠤᠪᠠᠭ ᠵᠡᠷᠭᠡ ᠶᠢ ᠢᠵᠢ ᠪᠦᠷᠢᠳᠦᠭᠦᠯᠦᠨ ᠪᠦᠲᠦᠭᠡᠨ ᠪᠠᠶᠢᠭᠤᠯᠵᠤ᠂ ᠨᠢᠭᠡ ᠪᠦᠯᠦᠭ ᠵᠠᠮ ᠰᠠᠭᠠᠳ ᠦᠭᠡᠢ ᠨᠡᠪᠲᠡᠷᠡᠬᠦ᠂ ᠲᠠᠷᠢᠶᠠᠨ | ᠭᠠᠵᠠᠷ ᠢ ᠲᠡᠭᠰᠢᠯᠡᠬᠦ᠂ ᠤᠳᠤ ᠦᠶ᠎ᠡ ᠶᠢᠨ ᠲᠠᠷᠢᠶᠠᠯᠠᠩ ᠤᠨ ᠬᠥᠭᠵᠢᠯᠲᠡ ᠶᠢᠨ ᠱᠠᠭᠠᠷᠳᠠᠯᠭ᠎ᠠ ᠳᠤ ᠵᠣᠬᠢᠴᠠᠭᠰᠠᠨ ᠥᠨᠳᠥᠷ ᠪᠠᠷᠢᠮᠵᠢᠶᠠᠲᠤ ᠲᠠᠷᠢᠶᠠᠨ ᠭᠠᠵᠠᠷ ᠢ | ᠪᠦᠲᠦᠭᠡᠨ ᠪᠠᠶᠢᠭᠤᠯᠵᠤ᠂ ︽ᠨᠢᠭᠡᠳᠦᠯᠲᠡᠢ ᠲᠠᠷᠢᠵᠤ ᠬᠠᠮᠲᠤ ᠪᠠᠷ ᠪᠠᠶᠠᠵᠢᠬᠤ︾ ᠶᠢ ᠬᠡᠷᠡᠭᠵᠢᠭᠦᠯᠬᠦ ᠳᠤ ᠰᠠᠭᠤᠷᠢ ᠨᠥᠬᠦᠴᠡᠯ ᠬᠠᠩᠭᠠᠪᠠ᠃ ᠰᠢᠨ ᠬᠤᠩ ᠲᠣᠰᠬᠤᠨ ᠤ | ᠨᠠᠮ ᠤᠨ ᠡᠭᠦᠷ ᠲᠠᠷᠢᠶᠠᠴᠢᠳ ᠤᠨ ᠬᠦᠰᠡᠯ ᠰᠠᠨᠠᠭ᠎ᠠ ᠶᠢ ᠭᠦᠢᠴᠡᠳ ᠬᠦᠨᠳᠦᠳᠬᠡᠭᠰᠡᠨ ᠰᠠᠭᠤᠷᠢᠨ ᠳᠡᠭᠡᠷ᠎ᠡ᠂ ᠲᠣᠰᠬᠤᠨ ᠤ ᠬᠠᠮᠲᠤ ᠶᠢᠨ ᠵᠣᠬᠢᠶᠠᠨ ᠪᠠᠶᠢᠭᠤᠯᠵᠤ | ᠵᠣᠬᠢᠴᠠᠭᠤᠯᠬᠤ ᠦᠢᠯᠡᠳᠦᠯ ᠢ ᠪᠠᠳᠠᠷᠠᠭᠤᠯᠵᠤ᠂ ︽ᠨᠢᠭᠡᠳᠦᠯᠲᠡᠢ ᠲᠠᠷᠢᠵᠤ ᠬᠠᠮᠲᠤ ᠪᠠᠷ ᠪᠠᠶᠠᠵᠢᠬᠤ︾ ᠵᠠᠭᠪᠤᠷ ᠢ ᠤᠬᠠᠭᠤᠯᠤᠨ ᠳᠡᠯᠭᠡᠷᠡᠭᠦᠯᠵᠦ᠂ ᠲᠣᠰᠬᠤᠨ ᠤ | ᠠᠷᠠᠳ ᠢ ᠲᠠᠶᠢᠴᠢᠯᠠᠨ ᠣᠷᠣᠯᠴᠠᠭᠤᠯᠤᠨ᠎ᠠ᠃ ᠣᠳᠣᠬᠠᠨ ᠳᠤ᠂ ᠱᠠ ᠬᠠᠶ ᠪᠠᠯᠭᠠᠰᠤᠨ ᠳᠤ ᠨᠢᠭᠡᠨᠲᠡ ᠰᠢᠨ ᠬᠤᠩ ᠲᠣᠰᠬᠤᠨ ᠤ 6 ᠳᠤᠭᠤᠶᠢᠯᠠᠩ᠂ ᠱᠠ ᠬᠠᠶ | ᠲᠣᠰᠬᠤᠨ 2 ᠳᠤᠭᠤᠶᠢᠯᠠᠩ ᠨᠡᠶᠢᠲᠡ 15000 ᠮᠥ ᠭᠠᠵᠠᠷ ᠰᠢᠷᠣᠶ ᠳᠤ ᠣᠷᠣᠯᠴᠠᠵᠠᠶ᠃ | ︽ᠨᠢᠭᠡᠳᠦᠯᠲᠡᠢ ᠳᠠᠷᠢᠵᠤ ᠬᠠᠮᠲᠤ ᠪᠠᠷ ᠪᠠᠶᠠᠵᠢᠭᠤᠯᠬᠤ ᠪᠣᠯ ᠪᠢᠳᠡᠨ ᠤ ᠲᠣᠰ ᠭᠠᠵᠠᠷ ᠤᠨ ᠣᠨᠴᠠᠯᠢᠭ ᠪᠠ ᠳᠠᠪᠠᠭᠤᠯᠢᠭ ᠣᠳᠣᠬᠢᠴᠢᠯᠠᠭᠰᠠᠨ ᠠᠵᠤ | ᠦᠢᠯᠡᠰ ᠤᠨ ᠰᠢᠰᠲ᠋ᠧᠮ ᠢ ᠪᠤᠶᠢᠵᠢᠭᠤᠯᠬᠤ ᠶᠢ ᠠᠬᠢᠭᠤᠯᠬᠤ ᠠᠵᠢᠯ ᠤᠨ ᠪᠦᠲᠦᠮᠵᠢᠲᠡᠶ ᠠᠷᠭ᠎ᠠ ᠵᠠᠮ ᠮᠥᠨ᠂ ᠪᠠᠰᠠ ᠴᠤ ︽ᠮᠢᠩᠭᠠᠨ ᠲᠦᠮᠡᠨ ᠢᠨᠵᠧᠨᠧᠷᠢᠩ︾ ᠢᠶᠠᠷ | ᠲᠣᠯᠢ ᠪᠣᠯᠭᠠᠵᠤ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠵᠠᠮ ᠳᠡᠭᠡᠷ᠎ᠡ ᠨᠠᠶᠢᠳᠠᠪᠤᠷᠢᠵᠢᠭᠤᠯᠤᠨ ᠦᠷ᠎ᠡ ᠪᠦᠲᠦᠮᠵᠢ ᠭᠠᠷᠭᠠᠬᠤ ᠴᠢᠬᠤᠯᠠ ᠠᠷᠭ᠎ᠠ ᠬᠡᠮᠵᠢᠶ᠎ᠡ | ᠮᠥᠨ᠃ ᠪᠠᠯᠭᠠᠰᠤᠨ ᠤ ᠨᠠᠮ ᠤᠨ ᠬᠤᠷᠢᠶ᠎ᠠ ︽ᠨᠠᠮ ᠤᠨ ᠪᠠᠶᠢᠭᠤᠯᠤᠯᠲᠠ ᠪᠠᠷ ᠬᠥᠲᠥᠯᠥᠨ ᠳᠠᠭᠠᠭᠤᠯᠬᠤ᠂ ᠨᠠᠮ ᠤᠨ ᠡᠭᠦᠷ ᠠᠴᠠ ᠳᠠᠭᠠᠭᠤᠯᠤᠨ ᠡᠷᠭᠢᠯᠡᠬᠦ᠂ | ᠲᠣᠰᠬᠤᠨ ᠤ ᠠᠷᠠᠳ ᠬᠤᠪᠢ ᠣᠷᠣᠭᠤᠯᠬᠤ᠂ ᠨᠢᠭᠡᠳᠦᠯᠲᠡᠶ ᠳᠠᠷᠢᠵᠤ ᠬᠠᠮᠲᠤ ᠪᠠᠷ ᠪᠠᠶᠠᠵᠢᠬᠤ︾ ᠰᠢᠨ᠎ᠡ ᠬᠡᠯᠪᠡᠷᠢ ᠶᠢᠨ ᠭᠠᠵᠠᠷ ᠰᠢᠷᠣᠶ ᠶᠢᠨ ᠡᠵᠡᠩᠨᠡᠯᠲᠡ ᠶᠢᠨ | ᠵᠠᠭᠪᠤᠷ ᠢ ᠢᠳᠡᠪᠬᠢᠲᠡᠶ ᠰᠦᠪᠡᠭᠴᠢᠯᠡᠵᠦ᠂ ᠠᠰᠢᠭ ᠣᠷᠣᠯᠭ᠎ᠠ ᠶᠢ ᠬᠠᠮᠤᠭ ᠤᠨ ᠶᠡᠭᠡ ᠪᠣᠯᠭᠠᠬᠤ᠂ ᠥᠪᠡᠷ ᠤᠨ ᠥᠷᠲᠡᠭ ᠢ ᠬᠠᠮᠤᠭ ᠤᠨ ᠪᠠᠭ᠎ᠠ ᠪᠣᠯᠭᠠᠬᠤ᠂ | ᠲᠠᠷᠢᠶᠠᠯᠠᠩ ᠤᠨ ᠦᠢᠯᠡᠳᠪᠦᠷᠢᠯᠡᠯ ᠢ ᠬᠡᠪᠴᠢᠶᠡᠵᠢᠭᠦᠯᠬᠦ᠂ ᠪᠠᠷᠢᠮᠵᠢᠶᠠᠵᠢᠭᠤᠯᠬᠤ ᠶᠢ ᠪᠡᠶᠡᠯᠡᠭᠦᠯᠵᠦ᠂ ᠡᠭᠦᠨ ᠤ ᠤᠯᠠᠮ ᠠᠴᠠ ᠲᠣᠰᠬᠤᠨ ᠤ ᠬᠠᠮᠲᠤ ᠶᠢᠨ ᠠᠵᠤ | ᠠᠬᠤᠶ ᠶᠢᠨ ᠶᠡᠷᠦᠩᠬᠡᠶ ᠬᠡᠮᠵᠢᠶ᠎ᠡ ᠶᠢ ᠨᠡᠮᠡᠭᠳᠡᠭᠦᠯᠦᠨ ᠠᠰᠢᠭ ᠣᠷᠣᠯᠭ᠎ᠠ ᠶᠢ ᠨᠡᠮᠡᠭᠳᠡᠭᠦᠯᠬᠦ᠂ ᠲᠠᠷᠢᠶᠠᠴᠢᠳ ᠤᠨ ᠠᠰᠢᠭ ᠣᠷᠣᠯᠭ᠎ᠠ ᠶᠢ ᠨᠡᠮᠡᠭᠳᠡᠭᠦᠯᠬᠦ ᠶᠢ ᠳᠠᠶᠢᠴᠢᠯᠠᠨ᠎ᠠ︾ | ᠭᠡᠵᠡᠶ᠃ ᠱᠠ ᠬᠠᠢ ᠪᠠᠯᠭᠠᠰᠤᠨ ᠤ ᠨᠠᠮ ᠤᠨ ᠬᠤᠷᠢᠶᠠᠨ ᠤ ᠱᠦᠵᠢ ᠸᠠᠩ ᠱᠤᠤ ᠸᠧᠢ ᠬᠡᠯᠡᠪᠡ᠃ | ︽ᠨᠢᠭᠡᠳᠦᠯᠲᠡᠢ ᠳᠠᠷᠢᠵᠤ ᠬᠠᠮᠲᠤ ᠪᠠᠷ ᠪᠠᠶᠠᠵᠢᠬᠤ︾ ᠵᠠᠭᠪᠤᠷ ᠪᠣᠯ ᠰᠢᠨ᠎ᠡ ᠴᠠᠭ ᠦᠶ᠎ᠡ ᠶᠢᠨ ᠬᠥᠳᠡᠭᠡ ᠲᠣᠰᠬᠤᠨ ᠤ ᠦᠢᠯᠡᠳᠪᠦᠷᠢᠯᠡᠯ ᠤᠨ ᠬᠠᠷᠢᠴᠠᠭ᠎ᠠ ᠨᠢ | ᠦᠢᠯᠡᠳᠪᠦᠷᠢᠯᠡᠯ ᠤᠨ ᠬᠦᠴᠦᠨ ᠤ ᠬᠥᠭᠵᠢᠯᠲᠡ ᠶᠢᠨ ᠱᠠᠭᠠᠷᠳᠠᠯᠭ᠎ᠠ ᠳᠤ ᠵᠣᠬᠢᠴᠠᠭᠰᠠᠨ ᠦᠷ᠎ᠡ ᠳ᠋ᠦᠩ ᠮᠥᠨ᠂ ︽ᠬᠠᠮᠲᠤ ᠪᠠᠷ ᠪᠠᠶᠠᠵᠢᠬᠤ︾ ᠪᠠ ︽ᠬᠡᠨ ᠲᠠᠷᠢᠶ᠎ᠠ | ᠲᠠᠷᠢᠬᠤ︾ ᠬᠤᠭᠤᠰᠣᠨ ᠴᠡᠭ ᠢ ᠪᠦᠲᠦᠮᠵᠢᠲᠡᠶ ᠨᠥᠬᠦᠪᠥᠷᠢᠯᠡᠵᠦ᠂ ᠬᠥᠳᠡᠭᠡ ᠲᠣᠰᠬᠤᠨ ᠢ ᠪᠥᠬᠦ ᠲᠠᠯ᠎ᠠ ᠪᠠᠷ ᠬᠥᠭᠵᠢᠭᠦᠯᠦᠨ ᠮᠠᠨᠳᠤᠭᠤᠯᠬᠤ ᠶᠢᠨ ᠠᠶᠠᠨᠳᠠᠭᠠᠨ ᠡᠭᠦᠰᠬᠦ | ᠴᠢᠨᠠᠷᠲᠠᠶ ᠥᠭᠡᠷᠡᠴᠢᠯᠡᠯᠲᠡ ᠬᠢᠵᠦ ᠰᠢᠨ᠎ᠡ ᠶᠢ ᠡᠭᠦᠳᠬᠦ ᠶᠠᠪᠤᠳᠠᠯ ᠮᠥᠨ᠃ ᠲᠠᠷᠠᠭᠠᠴᠢ ᠶᠢᠨ ᠠᠯᠬᠤᠮ ᠳᠤ᠂ ᠬᠠᠩᠭᠢᠨ ᠬᠤᠶᠢᠲᠤ ᠬᠤᠰᠢᠭᠤᠨ ᠤ ᠬᠢᠨ ᠨᠠᠮ ᠤᠨ | ᠪᠠᠶᠢᠭᠤᠯᠤᠯᠲᠠ ᠶᠢᠨ ᠬᠥᠲᠥᠯᠥᠨ ᠳᠠᠭᠠᠭᠤᠯᠬᠤ ᠦᠢᠯᠡᠳᠦᠯ ᠢ ᠲᠠᠰᠤᠷᠠᠯᠲᠠ ᠥᠬᠡᠶ ᠴᠢᠩᠭᠠᠳᠬᠠᠵᠤ᠂ ᠨᠡᠶᠢᠭᠡᠮ ᠤᠨ ᠬᠠᠮᠲᠤᠷᠠᠯ ᠬᠦᠴᠦᠨ ᠢ ᠪᠦᠷᠢᠯᠳᠦᠭᠦᠯᠵᠦ᠂ ︽ | ᠨᠢᠭᠡᠳᠦᠯᠲᠡᠶ ᠳᠠᠷᠢᠵᠤ ᠬᠠᠮᠲᠤ ᠪᠠᠷ ᠪᠠᠶᠠᠵᠢᠬᠤ︾ ᠵᠠᠭᠪᠤᠷ ᠢ ᠦᠷᠭᠦᠯᠵᠢᠯᠡᠨ ᠳᠡᠯᠭᠡᠷᠡᠭᠦᠯᠵᠦ᠂ ︽ᠫᠧᠩᠰᠡ︾ ᠠᠴᠠ ︽ᠦᠵᠡᠮᠵᠢ︾ ᠬᠦᠷᠲᠡᠯᠡᠬᠢ ᠳᠠᠪᠠᠯᠲᠠ ᠶᠢ | ᠦᠨᠡᠨ ᠬᠦ ᠪᠡᠶᠡᠯᠡᠭᠦᠯᠦᠨ᠎ᠡ᠃ |