ᠳᠤᠮᠳᠠᠳᠤ ᠢᠷᠭᠡᠨ ᠤᠯᠤᠰ ᠤᠨ ᠦᠶ᠎ᠡ ᠳᠤ ᠯᠢᠨ ᠾᠧ ᠶᠢᠨ ᠠᠷᠠᠳ ᠤᠨ ᠣᠷᠣᠨ ᠰᠠᠭᠤᠴᠠ ᠨᠢ ᠨᠡᠶᠢᠳᠡᠮ ᠰᠢᠷᠣᠢ ᠮᠣᠳᠣᠨ ᠤ ᠪᠦᠲᠦᠴᠡ ᠪᠠᠶᠢᠵᠤ᠂ | ᠶᠡᠷᠦ ᠳᠤ ᠪᠠᠨ ᠰᠢᠷᠣᠢ ᠪᠥᠮᠪᠥᠭᠡᠨ ᠬᠡᠷᠡᠮ ᠢᠶᠠᠷ ᠰᠢᠪᠠᠭ᠋ᠤ ᠪᠣᠯᠵᠠᠢ᠃ ᠪᠠᠶᠢᠰᠢᠩ ᠤᠨ ᠤᠷᠤᠢ ᠨᠢ ᠪᠤᠭᠤᠨᠢ ᠪᠦᠭᠡᠳ ᠬᠤᠶᠢᠳᠤ ᠲᠠᠯ᠎ᠠ ᠳᠤ ᠪᠠᠨ ᠦᠨᠳᠦᠷ᠂ ᠲᠤᠮᠳᠠ ᠨᠢ | ᠲᠤᠰᠢᠶ᠎ᠠ ᠲᠤᠯᠭᠠᠭᠤᠷᠢ ᠪᠠᠶᠢᠭᠤᠯᠵᠠᠢ᠃ ᠭᠡᠷ ᠤᠨ ᠪᠠᠶᠢᠷᠢᠰᠢᠯ ᠤᠨ ᠤᠯᠠᠩᠬᠢ ᠨᠢ ᠭᠠᠳᠠᠷ ᠲᠠᠰᠤᠯᠭ᠎ᠠ᠂ ᠲᠤᠲᠤᠷ᠎ᠠ ᠨᠢ ᠬᠠᠯᠠᠭᠤᠨ ᠬᠠᠨᠵᠤ᠂ ᠬᠡᠪᠲᠡᠭᠰᠡᠨ ᠬᠠᠨᠵᠤ ᠲᠠᠢ᠂ | ᠠᠭᠤᠯᠠᠨ ᠬᠠᠨᠵᠤ ︵ᠵᠡᠬᠦᠨᠰᠢ ᠪᠤᠶᠤ ᠪᠠᠷᠠᠭᠤᠨ ᠬᠠᠨᠵᠤ︶ ᠶᠢ ᠲᠠᠭᠠᠷᠠᠭᠤᠯᠳᠠᠭ᠃ ᠵᠤᠤᠬ᠎ᠠ ᠶᠢ ᠬᠠᠨᠵᠤᠨ ᠦᠵᠦᠭᠦᠷ ᠢ ᠬᠤᠯᠪᠣᠵᠤ᠂ ︽ᠲᠣᠭᠤᠭᠠᠨ ᠤ ᠲᠠᠶᠢᠰᠠ︾ | ᠭᠡᠳᠡᠭ᠃ ᠣᠯᠠᠩᠬᠢ ᠳᠤ ᠪᠠᠨ ᠨᠢᠭᠡ ᠡᠭᠦᠳᠡ ᠨᠢᠭᠡ ᠴᠣᠩᠬᠤ᠂ ᠨᠦᠬᠡᠯᠡᠬᠦ ᠨᠦᠬᠡᠨ ᠳᠤ ᠴᠠᠭᠠᠨ ᠤᠯᠣᠰᠤᠨ ᠴᠠᠭᠠᠰᠤ ᠪᠠᠷ ᠨᠠᠭᠠᠯᠳᠤᠭᠤᠯᠳᠠᠭ᠃ ᠠᠮᠢᠳᠤᠷᠠᠯ ᠨᠢ | ᠨᠡᠯᠢᠶᠡᠳ ᠪᠠᠶᠠᠨ ᠠᠶᠢᠯ ᠤᠨ ᠴᠣᠩᠬᠤ ᠨᠢ 64 ᠵᠢᠵᠢᠭ ᠳᠦᠷᠪᠡᠯᠵᠢᠨ ᠰᠢᠯ ᠢᠶᠠᠷ ᠬᠢᠵᠦ᠂ ᠴᠣᠩᠬᠤᠨ ᠤ ᠬᠠᠵᠠᠭᠤ ᠳᠤ 2 ᠨᠠᠷᠢᠨ ᠴᠢᠬᠢ ᠡᠯᠭᠦᠵᠦ᠂ ᠭᠤᠣᠯ | ᠬᠡᠷᠡᠮ ᠤᠨ ᠡᠷᠭᠢᠨ ᠲᠣᠭᠤᠷᠢᠨ ᠳᠤ ᠳᠦᠢᠫᠦ᠋ ᠪᠤᠶᠤ ᠲᠣᠭᠤᠰᠭ᠎ᠠ ᠪᠠᠷ ᠴᠣᠩᠬᠤᠨ ᠲᠠᠢᠰᠠᠨ ᠳᠤ ᠵᠠᠯᠭᠠᠵᠤ᠂ ᠡᠭᠦᠳᠡ ᠴᠣᠩᠬᠤ ᠨᠢ ᠬᠠᠮᠲᠤ ᠪᠠᠢᠵᠤ᠂ ᠣᠪᠣᠬᠠᠢ | ᠳᠦᠭᠦᠷᠡᠩ ᠡᠭᠦᠳᠡ ᠴᠣᠩᠬᠤ ᠭᠡᠵᠦ ᠨᠡᠷᠡᠯᠡᠳᠡᠭ᠂ ᠪᠠᠢᠱᠢᠩ ᠤᠨ ᠣᠷᠣᠢ ᠳᠤ ᠲᠣᠭᠤᠰᠭ᠎ᠠ ᠳᠡᠪᠢᠰᠴᠦ᠂ ᠭᠡᠷ ᠤᠨ ᠣᠷᠣᠢ ᠶᠢᠨ ᠫᠧᠩ ︵ᠶᠡᠷᠦ ᠳᠡᠭᠡᠨ ᠡᠩ ᠤᠨ | ᠲᠣᠯᠤᠭᠠᠢ ᠭᠡᠳᠡᠭ︶᠃ ᠲᠡᠷᠡ ᠦᠶᠡᠰ ᠣᠪᠣᠬᠠᠢ ᠳᠦᠭᠦᠷᠡᠩ ᠡᠭᠦᠳᠡ ᠴᠣᠩᠬᠤ ᠲᠠᠢ᠂ ᠳᠡᠭᠡᠭᠰᠢ ᠬᠠᠷᠰᠢ ᠲᠠᠢ ᠲᠣᠭᠤᠰᠬ᠎ᠠ ᠲᠠᠢ ᠭᠡᠷ ᠢ ᠰᠦᠷ ᠵᠢᠪᠬᠤᠯᠠᠩ ᠲᠠᠢ | ᠭᠡᠵᠦ ᠦᠵᠡᠳᠡᠭ᠂ 36 ᠳᠥᠷᠪᠡᠯᠵᠢᠨ ᠴᠣᠩᠬᠤᠨ ᠨᠢᠳᠦ ᠲᠠᠢ ᠠᠶᠢᠯ ᠨᠢ ᠠᠮᠢᠳᠤᠷᠠᠯ ᠢ ᠶᠡᠷᠦ ᠳᠤ ᠪᠠᠨ ᠠᠶᠢᠯ ᠪᠣᠯᠭᠠᠨ ᠦᠵᠡᠳᠡᠭ᠂ ᠲᠦᠢᠯ ᠤᠨ ᠶᠠᠳᠠᠭᠤ ᠵᠦᠳᠡᠭᠦᠦ | ᠠᠶᠢᠯ ᠪᠣᠯ ᠴᠣᠩᠬᠤᠨ ᠢᠷᠮᠡᠭ ᠢᠶᠠᠷ ᠬᠡᠳᠦᠨ ᠤᠳᠠ ᠶᠢᠨ ᠰᠢᠳᠠᠮ ᠢᠶᠠᠷ ᠬᠢᠳᠡᠭ᠂ ᠭᠡᠷ ᠤᠨ ᠣᠷᠣᠢ ᠨᠢ ᠬᠤᠯᠤᠰᠤᠨ ᠡᠪᠡᠰᠦ ᠪᠠᠷ ᠤᠯᠠᠯᠵᠢᠨ ᠪᠦᠷᠬᠦᠭᠰᠡᠨ︔ | ᠬᠥᠳᠡᠭᠡ ᠶᠢᠨ ᠤᠯᠠᠭᠠᠨ ᠶᠠᠳᠠᠭᠤ ᠵᠦᠳᠡᠭᠦᠦ ᠬᠥᠮᠥᠨ ᠳᠤᠷ᠎ᠠ ᠪᠠᠷ ᠢᠶᠠᠨ ᠨᠢᠭᠡ ᠬᠡᠰᠡᠭ ᠬᠤᠭᠤᠰᠣᠨ ᠭᠠᠵᠠᠷ ᠣᠯᠵᠤ᠂ ᠳᠥᠭᠦᠮ ᠲᠦᠲᠡ ᠰᠠᠭᠤᠨ ᠬᠠᠰᠢᠶ᠎ᠠ | ᠬᠦᠷᠢᠶ᠎ᠡ ᠭᠡᠵᠦ ᠪᠠᠷᠢᠳᠠᠭ ᠦᠭᠡᠢ᠃ ᠰᠥᠨᠢ ᠳᠦᠯᠢ ᠥᠷᠥᠭᠡᠨ ᠳᠤ ᠬᠡᠷᠡᠯᠲᠦᠭᠦᠯᠭᠡ ᠭᠡᠵᠦ ᠪᠠᠶᠢᠬᠤ ᠦᠭᠡᠢ ᠪᠣᠯᠬᠤᠷ ᠬᠦᠮᠦᠰ ᠲᠣᠰᠤᠨ ᠳ᠋ᠧᠩ ᠵᠠᠷᠤᠨ᠎ᠠ᠃ ᠣᠯᠠᠩᠬᠢ | ᠠᠶᠢᠯ ᠤᠨ ᠠᠪᠤ ᠡᠵᠢ᠂ ᠦᠷ᠎ᠡ ᠬᠡᠦᠬᠡᠳ ᠤᠳ ᠨᠢᠭᠡ ᠭᠡᠷ ᠲᠤ ᠰᠠᠭᠤᠳᠠᠭ᠂ ᠴᠢᠨᠠᠭᠰᠢᠯᠠᠨ ᠭᠤᠷᠪᠠᠨ ᠦᠶ᠎ᠡ ᠶᠢᠨ ᠬᠢᠨ ᠬᠦᠷᠲᠡᠯ᠎ᠡ ᠨᠢᠭᠡ ᠭᠡᠷ ᠲᠤ ᠰᠠᠭᠤᠳᠠᠭ ᠪᠠᠶᠢᠯ᠎ᠠ | ᠃ ᠬᠤᠶᠠᠷ ᠭᠤᠷᠪᠠᠨ ᠬᠥᠮᠥᠨ ᠨᠢᠭᠡ ᠣᠷᠣ ᠬᠥᠨᠵᠢᠯᠡ ᠳᠡᠪᠢᠰᠳᠡᠭ᠃ ︽ᠨᠢᠭᠡ ᠡᠭᠦᠳᠡ ᠨᠢᠭᠡ ᠴᠣᠩᠬᠤ᠂ ᠭᠠᠵᠠᠷ ᠳᠣᠣᠷ᠎ᠠ ᠣᠰᠣᠨ ᠭᠠᠩ ᠲᠠᠯᠪᠢᠬᠤ︾ ᠵᠡᠷᠭᠡ | ᠠᠷᠠᠳ ᠤᠨ ᠴᠤᠤᠷᠬᠠᠯ ᠨᠢ ᠳᠠᠷᠤᠶ ᠲᠤᠬᠠᠶ ᠶᠢᠨ ᠦᠶ᠎ᠡ ᠶᠢᠨ ᠶᠠᠳᠠᠭᠤ ᠵᠦᠳᠡᠭᠦᠦ ᠬᠥᠮᠦᠨ ᠤ ᠠᠮᠢᠳᠤᠷᠠᠯ ᠤᠨ ᠪᠣᠳᠠᠲᠤ ᠵᠢᠷᠤᠭᠯᠠᠯ ᠪᠣᠯᠤᠨ᠎ᠠ᠃ | ᠬᠦᠮᠦᠰ ᠶᠡᠷᠦᠳᠡᠭᠡᠨ ᠪᠤᠳᠠᠭᠠᠨ ᠵᠤᠲᠠᠩ ᠢᠶᠠᠨ ᠬᠠᠨᠵᠤᠨ ᠲᠡᠭᠡᠷ᠎ᠠ ᠪᠠᠨ ᠲᠠᠯᠪᠢᠬᠤ ᠠᠴᠠ ᠥᠭᠡᠷ᠎ᠡ ᠳᠡᠪᠢᠰᠭᠡᠷ ᠭᠡᠵᠦ ᠪᠠᠶᠢᠳᠠᠭ ᠦᠭᠡᠢ᠃ ᠦᠳᠡᠰᠢ ᠤᠷᠤᠢ | ᠪᠣᠯᠬᠤ ᠳᠤ ᠴᠥᠬᠡᠨ ᠪᠤᠰᠤ ᠠᠶᠢᠯ ᠬᠠᠨᠵᠤᠨ ᠳᠡᠭᠡᠷ᠎ᠡ ᠪᠠᠨ ᠳᠡᠪᠢᠰᠭᠡᠷ ᠦᠭᠡᠢ ᠤᠨᠲᠠᠬᠤ᠂ ᠡᠰᠡᠭᠦᠯ᠎ᠡ ᠬᠤᠪᠴᠠᠰᠤ ᠪᠠᠨ ᠡᠮᠦᠰᠴᠦ ᠬᠠᠨᠵᠤᠨ ᠳᠡᠭᠡᠷ᠎ᠡ ᠠᠲᠤᠷᠢᠨ | ᠬᠡᠪᠲᠡᠵᠦ ᠬᠤᠨᠤᠭᠯᠠᠳᠠᠭ ᠪᠠᠶᠢᠨ᠎ᠠ᠃ ᠠᠮᠢᠳᠤᠷᠠᠯ ᠨᠢ ᠵᠢᠭᠠᠬᠠᠨ ᠰᠠᠢᠨ ᠪᠣᠯ ᠬᠠᠨᠵᠤᠨ ᠳᠡᠭᠡᠷ᠎ᠡ ᠨᠢ ᠬᠤᠯᠤᠰᠤᠨ ᠰᠠᠭᠤᠳᠠᠯ ᠳᠡᠪᠢᠰᠴᠦ᠂ ᠨᠡᠩ ᠰᠠᠢᠨ ᠨᠢ ᠬᠠᠨᠵᠤᠨ | ᠳᠡᠭᠡᠷ᠎ᠡ ᠢᠰᠡᠭᠡᠢ ᠳᠡᠪᠢᠰᠦᠨ᠎ᠡ᠃ ᠪᠠᠶᠠᠨ ᠠᠶᠢᠯ ᠤᠨ ᠬᠠᠨᠵᠤᠨ ᠳᠡᠭᠡᠷ᠎ᠡ ᠢᠰᠡᠭᠡᠢ᠂ ᠢᠰᠡᠭᠡᠢ ᠳᠡᠭᠡᠷ᠎ᠡ ᠳᠡᠪᠢᠰᠭᠡᠷ ᠲᠠᠢ᠂ ᠪᠡᠶ᠎ᠡ ᠳᠡᠭᠡᠷ᠎ᠡ ᠪᠠᠨ ᠬᠥᠨᠵᠢᠯᠡ ᠲᠠᠢ᠃ | ᠵᠠᠷᠢᠮ ᠪᠠᠶᠠᠨ ᠠᠶᠢᠯ ᠨᠢ ᠳᠦᠷᠪᠡᠨ ᠶᠡᠭᠡ ᠬᠦᠷᠢᠶ᠎ᠡ ᠲᠠᠢ ᠪᠠᠶᠢᠵᠦ᠂ ᠭᠡᠷ ᠳᠣᠲᠣᠷ᠎ᠠ ᠨᠢ ᠶᠡᠭᠡ ᠤᠯᠠᠭᠠᠨ ᠬᠡᠪᠲᠡᠭᠡ ᠠᠪᠳᠠᠷ᠎ᠠ ᠪᠤᠢ᠂ ᠡᠩ ᠤᠨ ᠠᠶᠢᠯ ᠳᠤ ᠨᠢ ᠵᠥᠪᠬᠡᠨ | ᠨᠢᠭᠡ ᠵᠢᠵᠢᠭ ᠮᠣᠳᠣᠨ ᠬᠠᠶᠢᠷᠴᠠᠭ᠂ ᠨᠢᠭᠡ ᠠᠮᠠᠰᠠᠷ ᠲᠠᠢ ᠭᠠᠩ ᠵᠡᠷᠭᠡ ᠪᠠᠶᠢᠵᠠᠢ᠃ ᠬᠦᠮᠦᠰ ᠪᠤᠳᠠᠭ᠎ᠠ ᠴᠢᠨᠠᠬᠤ ᠳᠤ ᠣᠯᠠᠩᠬᠢ ᠳᠤ ᠪᠠᠨ ᠮᠣᠳᠣᠨ ᠰᠠᠯᠠᠭ᠎ᠠ᠂ ᠣᠳᠠ | ᠵᠡᠷᠭᠡ ᠪᠠᠷ ᠲᠦᠯᠡᠰᠢ ᠪᠣᠯᠭᠠᠳᠠᠭ ᠪᠠᠶᠢᠪᠠ᠃ | ᠳᠡᠭᠡᠷ᠎ᠡ ᠵᠠᠭᠤᠨ ᠤ ᠲᠠᠪᠢ ᠵᠢᠷᠠᠭᠠᠳ ᠣᠨ ᠤ ᠦᠶ᠎ᠡ ᠳᠤ ᠬᠤᠲᠠ ᠬᠥᠳᠡᠭᠡ ᠶᠢᠨ ᠰᠠᠭᠤᠭᠠᠯᠢ ᠠᠷᠠᠳ ᠤᠨ ᠣᠷᠣᠨ ᠰᠠᠭᠤᠴᠠ ᠶᠢ ︽ᠨᠢᠭᠡ ᠡᠭᠦᠳᠡ ᠨᠢᠭᠡ | ᠴᠣᠩᠬᠤ︾ ᠶᠢᠨ ᠵᠢᠵᠢᠭ ᠭᠡᠷ ᠠᠴᠠ ︽ᠰᠢᠯᠢᠨ ᠣᠷᠣ ᠪᠠᠷ ᠶᠡᠭᠡ ᠭᠤᠣᠯ ᠭᠡᠷ︾ ᠢᠶᠠᠨ ᠪᠣᠯᠭᠠᠨ ᠬᠤᠪᠢᠷᠠᠭᠤᠯᠵᠤ᠂ ᠶᠡᠬᠡᠩᠬᠢ ᠨᠢ ᠮᠥᠨ ᠬᠦ ᠰᠢᠷᠣᠢ ᠮᠣᠳᠣᠨ ᠤ | ᠪᠦᠷᠦᠴᠡ ᠲᠠᠢ ᠪᠠᠶᠢᠵᠠᠢ᠃ 20 ᠳ᠋ᠤᠭᠠᠷ ᠵᠠᠭᠤᠨ ᠤ ᠳᠠᠯᠠᠭᠠᠳ ᠣᠨ ᠳᠤ ︽ᠭᠤᠲᠤᠯ ᠮᠠᠯᠠᠭᠠᠢ ᠡᠮᠦᠰᠬᠦ︾ ᠣᠷᠣᠨ ᠰᠠᠭᠤᠴᠠ ᠨᠢ ᠰᠠᠭᠤᠷᠢ ᠴᠢᠯᠠᠭᠤ ᠶᠢ ᠪᠣᠰᠬᠠᠵᠤ᠂ | ᠡᠮᠦᠨ᠎ᠡ ᠭᠤᠯᠳᠤᠷᠢᠯ ᠭᠠᠷᠠᠮ ᠳᠤ ᠲᠣᠭᠤᠰᠬ᠎ᠠ ᠪᠠᠷ ᠵᠡᠷᠭᠡᠯᠡᠭᠰᠡᠨ ᠪᠥᠭᠡᠳ ᠬᠡᠳᠦᠨ ᠳᠠᠪᠬᠤᠷ ᠭᠤᠣᠯ ᠭᠡᠲᠦᠯᠬᠦ ᠲᠣᠭᠤᠰᠬ᠎ᠠ ᠲᠠᠢ ᠪᠠᠶᠢᠳᠠᠭ᠃ ᠭᠤᠣᠯ ᠪᠠᠶᠢᠰᠢᠩ ᠨᠢ | ᠡᠮᠦᠨᠡᠰᠢ ᠬᠠᠨᠳᠤᠵᠤ ᠬᠤᠶᠢᠨ᠎ᠠ ᠨᠢ ᠰᠠᠭᠤᠬᠤ ᠭᠤᠣᠯ ᠭᠡᠷ᠂ ᠡᠮᠦᠨ᠎ᠡ ᠲᠠᠯ᠎ᠠ ᠳᠤ ᠨᠢ ᠰᠡᠷᠢᠭᠦᠨ ᠦᠷᠦᠭᠡ ᠪᠣᠰᠬᠠᠵᠤ᠂ ᠬᠦᠷᠢᠶ᠎ᠡ ᠬᠡᠷᠡᠮ ᠪᠠᠷᠢᠵᠠᠢ᠃ ᠭᠡᠷ | ᠪᠠᠶᠢᠰᠢᠩ ᠤᠨ ᠳᠦᠷᠢ ᠲᠥᠷᠬᠦ ᠶᠢᠨ ᠣᠯᠠᠩᠬᠢ ᠨᠢ ︽ᠨᠢᠭᠡ ᠶᠢ ᠣᠷᠣᠭᠤᠯᠵᠤ ᠬᠤᠶᠠᠷ ᠢ ᠨᠡᠭᠡᠭᠡᠬᠦ︾᠂ ︽ᠡᠮᠦᠨ᠎ᠡ ᠭᠤᠳᠤᠮᠵᠢ︾᠂ ︽ᠠᠷᠤ ᠭᠤᠳᠤᠮᠵᠢ︾ ᠭᠡᠮᠡᠨ | ᠲᠤᠬᠢᠷᠠᠭᠤᠯᠭ᠎ᠠ ᠬᠢᠭᠰᠡᠨ ᠪᠠᠶᠢᠳᠠᠭ᠃ ᠭᠡᠷ ᠤᠨ ᠳᠣᠲᠤᠷᠠᠬᠢ ᠬᠡᠷᠡᠮ ᠢ ᠪᠦᠷ ᠴᠠᠭᠠᠨ ᠰᠢᠪᠠᠷ ᠢᠶᠠᠷ ᠪᠤᠳᠤᠵᠤ᠂ ᠢᠯᠡ ᠲᠤᠳᠤ ᠪᠦᠭᠡᠳ ᠦᠷᠭᠡᠨ ᠵᠠᠷᠢᠮ ᠴᠤᠩᠬᠤᠨ | ᠲᠡᠭᠡᠷ᠎ᠡ ᠬᠤᠶᠠᠷ ᠳᠠᠪᠬᠤᠷ ᠰᠢᠯ ᠲᠠᠢ ᠪᠠᠶᠢᠳᠠᠭ᠃ | ᠨᠠᠶᠠᠭᠠᠳ ᠣᠨ ᠳᠤ ᠬᠤᠲᠠ ᠪᠠᠯᠭᠠᠰᠤ ᠶᠢᠨ ᠰᠠᠭᠤᠭᠠᠯᠢ ᠠᠷᠠᠳ ᠪᠠ ᠬᠡᠰᠡᠭ ᠲᠠᠷᠢᠶᠠᠴᠢᠳ ᠤᠨ ᠣᠷᠣᠨ ᠰᠠᠭᠤᠴᠠ ᠨᠢ ᠲᠣᠭᠤᠰᠬ᠎ᠠ ᠮᠣᠳᠣᠨ ᠪᠦᠲᠦᠴᠡ᠂ | ᠬᠢᠮᠠᠯ ᠴᠢᠯᠠᠭᠤᠨ ᠱᠠᠯᠠ᠂ ᠰᠢᠷᠣᠢ ᠶᠢᠨ ᠳᠤᠯᠠᠭᠠᠨ ᠵᠦᠭ ᠰᠢᠯᠵᠢᠪᠡ᠃ ᠬᠤᠳᠠ ᠪᠠᠯᠭᠠᠰᠣᠨ ᠳᠤ ᠠᠰᠠᠷ ᠪᠠᠶᠢᠭᠤᠯᠵᠠᠢ᠂ ᠭᠡᠷ ᠲᠣᠳᠣᠷᠠᠬᠢ ᠬᠡᠷᠡᠭᠰᠡᠯ ᠳᠤ ᠠᠪᠳᠠᠷ᠎ᠠ᠂ | ᠦᠨᠴᠦᠭ ᠬᠤᠷᠭᠤ᠂ ᠠᠷᠢᠬᠢᠨ ᠠᠪᠳᠠᠷ᠎ᠠ᠂ ᠦᠰᠦᠭ ᠤᠨ ᠲᠠᠶᠢᠰᠠ᠂ ᠱᠠᠹᠠ᠂ ᠲᠧᠯᠸᠢᠰ᠂ ᠲᠠᠭᠤ ᠰᠢᠩᠭᠡᠭᠡᠬᠦ ᠮᠠᠰᠢᠨ᠂ ᠬᠤᠪᠴᠠᠰᠣ ᠤᠬᠢᠶᠠᠬᠤ ᠮᠠᠰᠢᠨ ᠵᠡᠷᠭᠡ | ᠣᠯᠠᠨ ᠭᠠᠷᠪᠠ᠃ ᠨᠡᠯᠢᠶᠡᠳ ᠣᠯᠠᠨ ᠭᠡᠷ ᠪᠦᠯᠢ ᠪᠠᠰᠠ ᠬᠡᠪᠢᠰ᠂ ᠨᠡᠶᠢᠯᠡᠮᠡᠯ ᠠᠪᠳᠠᠷ᠎ᠠ᠂ ᠴᠠᠬᠢᠯᠭᠠᠨ ᠬᠦᠯᠳᠡᠭᠡᠭᠦᠷ᠂ ᠮᠣᠲ᠋ᠣᠷ ᠲᠡᠷᠭᠡ᠂ ᠬᠤᠶᠠᠷ ᠬᠥᠮᠥᠨ ᠤ ᠣᠷᠣ | ᠵᠡᠷᠭᠡ ᠳᠤ ᠰᠢᠯᠵᠢᠭᠰᠡᠨ ᠪᠠᠶᠢᠳᠠᠭ᠃ | ᠶᠡᠷᠡᠭᠡᠳ ᠣᠨ ᠳᠤ ᠬᠤᠲᠠ ᠪᠠᠯᠭᠠᠰᠤᠨ ᠳᠤ ᠨᠡᠶᠢᠳᠡᠮ ᠳ᠋ᠢᠶᠠᠩᠬᠤᠸᠠ ᠲᠠᠭᠠᠷᠠᠭᠤᠯᠵᠤ᠂ ᠨᠢᠭᠡ ᠲᠣᠭᠤᠰᠬ᠎ᠠ ᠠᠴᠠ ᠳᠡᠭᠡᠭᠰᠢ ᠤᠯᠠᠭᠠᠨ ᠲᠣᠭᠤᠰᠬᠠᠨ ᠪᠠᠶᠢᠰᠢᠩ | ᠤᠯᠠᠮ ᠢᠶᠠᠷ ᠲᠦᠭᠡᠮᠡᠯᠵᠢᠪᠡ᠃ | 21 ᠳ᠋ᠦ᠋ᠭᠡᠷ ᠵᠠᠭᠤᠨ ᠳᠤ ᠣᠷᠣᠵᠤ᠂ ᠬᠥᠳᠡᠭᠡ ᠲᠣᠰᠬᠤᠨ ᠳᠤ ᠴᠢᠨᠡᠭᠡᠯᠢᠭ ᠠᠷᠠᠳ ᠤᠨ ᠣᠷᠣᠨ ᠰᠠᠭᠤᠴᠠ ᠢᠯᠡᠷᠡᠵᠦ᠂ ᠬᠤᠲᠠ ᠪᠠᠯᠭᠠᠰᠤᠨ ᠤ ᠣᠯᠠᠩᠬᠢ | ᠰᠠᠭᠤᠭᠠᠯᠢ ᠠᠷᠠᠳ ᠲᠠᠸᠠᠷ ᠤᠨ ᠠᠰᠠᠷ ᠲᠤ ᠰᠠᠭᠤᠵᠤ᠂ ᠭᠡᠷ ᠳᠣᠲᠣᠷᠠᠬᠢ ᠵᠠᠰᠠᠯ ᠴᠢᠮᠡᠭᠯᠡᠯ ᠨᠢ ᠭᠤᠶᠣ᠂ ᠭᠡᠷ ᠤᠨ ᠭᠠᠳᠠᠨᠠᠬᠢ ᠵᠢᠵᠢᠭ ᠲᠣᠭᠤᠷᠢᠭ ᠤᠨ ᠲᠥᠬᠦᠭᠡᠷᠦᠮᠵᠢ | ᠪᠦᠷᠢᠨ ᠲᠥᠬᠦᠷ ᠪᠠᠶᠢᠵᠤ᠂ ᠦᠢᠯᠡᠴᠢᠯᠡᠭᠡᠨ ᠤ ᠴᠢᠳᠠᠪᠬᠢ ᠲᠡᠭᠦᠯᠳᠡᠷ ᠪᠣᠯᠵᠤ᠂ ᠺᠣᠮᠫᠢᠦ᠋ᠲ᠋ᠧᠷ᠂ ᠬᠤᠪᠢ ᠶᠢᠨ ᠮᠠᠰᠢᠨ ᠲᠡᠷᠭᠡ ᠡᠭᠡᠯ ᠠᠷᠠᠳ ᠤᠨ ᠭᠡᠷ ᠲᠤ ᠣᠷᠣᠵᠤ᠂ | ᠬᠤᠲᠠ ᠬᠥᠳᠡᠭᠡ ᠶᠢᠨ ᠰᠠᠭᠤᠭᠠᠯᠢ ᠠᠷᠠᠳ ᠤᠨ ᠠᠮᠢᠳᠤᠷᠠᠯ ᠴᠢᠨᠡᠭᠡᠯᠢᠭᠵᠢᠪᠡ᠃ | |