ᠸᠧᠢ ᠴᠢᠩ᠂ ᠾᠥᠸᠧ ᠴᠦ᠋ ᠪᠢᠩ ᠾᠦᠩᠨᠦ ᠶᠢ ᠳᠠᠶᠢᠯᠤᠭᠰᠠᠨ ᠨᠢ | ᠬᠠᠨ ᠤᠯᠤᠰ ᠤᠨ ᠦᠶ᠎ᠡ ᠶᠢᠨ ᠭᠤᠤ᠂ ᠡᠾᠦ᠋ᠢ᠂ ᠸᠧᠨ᠂ ᠵᠢᠩ ᠵᠡᠷᠭᠡ ᠤᠯᠠᠨ ᠬᠠᠭᠠᠨ ᠵᠢᠷᠠᠨ ᠵᠢᠯ ᠤᠨ ᠬᠤᠭᠤᠴᠠᠭᠠᠨ ᠳᠤ ᠾᠦᠩᠨᠦ ᠤᠷᠢᠳ ᠬᠤᠵᠢᠳ | ᠪᠣᠷᠣ ᠲᠣᠬᠤᠢ ᠶᠢᠨ ᠣᠷᠤᠨ ᠳᠤ ᠲᠦᠷᠢᠨ ᠤᠷᠤᠵᠤ᠂ ᠲᠠᠷᠢᠶᠠᠨ ᠭᠠᠵᠠᠷ ᠢ ᠲᠠᠷᠴᠢᠯᠭᠠᠨ᠂ ᠡᠳ᠋ ᠪᠤᠳᠠᠰ ᠢ ᠪᠤᠯᠢᠶᠠᠵᠤ ᠨᠤᠶᠠᠳ ᠲᠦᠰᠢᠮᠡᠳ ᠢ ᠠᠯᠠᠵᠤ᠂ ᠠᠷᠠᠳ | ᠲᠦᠮᠡᠨ ᠢ ᠨᠢ ᠠᠪᠴᠢᠷᠠᠵᠤ ᠪᠣᠭᠤᠯ ᠪᠣᠯᠭᠠᠵᠤ ᠪᠠᠶᠢᠪᠠ᠃ ᠡᠨᠡ ᠬᠤᠭᠤᠴᠠᠭᠠᠨ ᠳᠤ ᠬᠠᠩᠭᠢᠨ ᠬᠤᠶᠢᠲᠤ ᠬᠤᠰᠢᠭᠤᠨ ᠤ ᠠᠷᠠᠳ ᠢᠷᠭᠡᠳ ᠠᠮᠢᠳᠤᠷᠠᠬᠤ ᠶᠢᠨ ᠠᠷᠭ᠎ᠠ | ᠦᠭᠡᠢ ᠪᠣᠯᠭᠠᠵᠤ᠂ ᠬᠦᠮᠦᠨ ᠠᠮᠢᠲᠠᠨ ᠠᠮᠤᠷ ᠵᠢᠮᠤᠷ ᠪᠠᠶᠢᠯᠭᠠᠬᠤ ᠦᠭᠡᠢ ᠂ ᠦᠷ ᠤᠨ ᠭᠡᠭᠡᠨ ᠤ ᠦᠶ᠎ᠡ ᠳᠤ ᠬᠢᠲᠠᠳ ᠤᠨ ᠠᠷᠠᠳ ᠳᠠᠬᠢᠨ ᠾᠦᠩᠨᠦ ᠶᠢᠨ ᠠᠷᠠᠳ | ᠪᠣᠯᠵᠤ ᠡᠳᠦᠷ ᠰᠦᠨᠢ ᠦᠭᠡᠢ ᠠᠶᠤᠵᠤ ᠡᠮᠵᠢᠶᠡᠵᠦ ᠪᠠᠶᠢᠨ᠎ᠠ᠃ ᠨᠡᠶᠢᠳᠡ ᠶᠢᠨ ᠤᠨ ᠲᠤᠭᠠᠯᠠᠯ ᠠᠴᠠ ᠡᠮᠦᠨ᠎ᠡ 133 ᠤᠨ ᠳᠤ ᠬᠠᠨ ᠡᠤ ᠳ᠋ᠢ ᠬᠠᠭᠠᠨ ᠤᠮᠠᠷᠠᠳᠤ | ᠬᠢᠯᠢ ᠶᠢ ᠤᠷᠳᠤ ᠬᠤᠭᠤᠴᠠᠭ᠎ᠠ ᠪᠠᠷ ᠲᠠᠭᠠᠷᠢᠭᠰᠠᠨ ᠾᠸᠤᠩᠨᠤ ᠳᠤ ᠶᠡᠭᠡ ᠬᠡᠪᠴᠢᠶᠡᠨ ᠤ ᠳᠠᠶᠢᠨ ᠪᠠᠶᠢᠯᠳᠤᠭᠠᠨ ᠪᠣᠯᠵᠠᠢ᠃ ᠡᠨᠡ ᠬᠦ ᠬᠤᠭᠤᠴᠠᠭᠠᠨ ᠳᠤ ᠬᠠᠩᠭᠢᠨ | ᠬᠤᠶᠢᠲᠤ ᠬᠤᠰᠢᠭᠤᠨ ᠤ ᠬᠤᠶᠢᠲᠤ ᠬᠡᠰᠡᠭ ᠤᠨ ᠭᠠᠵᠠᠷ ᠣᠷᠣᠨ ᠨᠢ ᠱᠦᠸᠧ ᠹᠠᠩ ᠵᠢᠶᠦ᠋ᠨ ᠤ ᠯᠢᠨᠾᠧ ᠰᠢᠶᠠᠨ ᠤ ᠭᠠᠵᠠᠷ ᠣᠷᠣᠨ ᠳᠤ ᠬᠠᠷᠢᠶᠠᠯᠠᠭᠳᠠᠵᠤ᠂ ᠱᠦᠸᠧ | ᠹᠠᠩ ᠵᠢᠶᠦ᠋ᠨ ᠤ ᠲᠠᠩᠨᠠᠭᠤᠯ ᠤᠨ ᠶᠠᠮᠤᠨ ᠤ ᠵᠠᠬᠢᠷᠤᠯ ᠳᠤ ᠬᠠᠷᠢᠶᠠᠯᠠᠭᠳᠠᠵᠤ ᠪᠠᠶᠢᠪᠠ᠃ | ᠤᠮᠠᠷᠠᠲᠤ ᠬᠢᠯᠢ ᠶᠢ ᠲᠣᠭᠲᠠᠭᠤᠨ ᠪᠠᠶᠢᠯᠭᠠᠬᠤ ᠶᠢᠨ ᠲᠥᠯᠥᠭᠡ᠂ ᠬᠠᠨ ᠤᠯᠤᠰ ᠤᠨ ᠵᠠᠰᠠᠭ ᠤᠨ ᠣᠷᠳᠣᠨ ᠳᠣᠲᠣᠷ ᠭᠠᠵᠠᠷ ᠲᠤ ᠡᠭᠡᠯ ᠠᠷᠠᠳ ᠡᠯᠰᠡᠵᠦ᠂ | ᠱᠦᠸᠧ ᠹᠠᠩ ᠳᠤ ᠰᠠᠭᠤᠷᠢᠰᠢᠭᠰᠠᠨ ᠪᠥᠭᠡᠳ ᠴᠢᠨ ᠤᠯᠤᠰ ᠤᠨ ᠦᠶ᠎ᠡ ᠶᠢᠨ ᠮᠧᠩ ᠲᠢᠶᠠᠨ ᠤ ᠪᠠᠶᠢᠭᠤᠯᠤᠭᠰᠠᠨ ᠪᠠᠬᠢᠯᠡᠯᠲᠡ ᠶᠢ ᠰᠡᠯᠪᠢᠨ ᠵᠠᠰᠠᠵᠤ᠂ ᠬᠠᠲᠤᠨ | ᠭᠤᠤᠯ ᠤᠨ ᠡᠷᠭᠢ ᠳᠠᠭᠠᠤ ᠶᠢᠨ ᠰᠡᠷᠭᠡᠶᠢᠯᠡᠯᠲᠡ ᠶᠢᠨ ᠪᠠᠬᠢᠯᠡᠯᠲᠡ ᠶᠢ ᠪᠠᠬᠢᠵᠢᠭᠦᠯᠪᠡ᠃ ᠾᠦᠩᠨᠦ ᠤᠳᠠᠭ᠎ᠠ ᠳᠠᠷᠠᠭᠠᠯᠠᠨ ᠬᠦᠨᠳᠦ ᠬᠤᠬᠢᠷᠠᠯ ᠳᠤ ᠤᠴᠠᠷᠠᠭᠰᠠᠨ ᠤ | ᠳᠠᠷᠠᠭ᠎ᠠ᠂ ᠨᠡᠶᠢᠲᠡ ᠶᠢᠨ ᠣᠨ ᠲᠣᠭᠠᠯᠠᠯ ᠠᠴᠠ ᠡᠮᠦᠨ᠎ᠡ 123 ᠣᠨ ᠳᠤ᠂ ᠭᠤᠪᠢ ᠶᠢᠨ ᠬᠤᠶᠢᠲᠤ ᠬᠡᠰᠡᠭ ᠲᠤ ᠨᠡᠭᠦᠵᠦ᠂ ᠨᠡᠶᠢᠲᠡ ᠶᠢᠨ ᠤᠨ ᠲᠣᠭᠠᠯᠠᠯ ᠠᠴᠠ | ᠡᠮᠦᠨ᠎ᠡ 120 ᠣᠨ ᠳᠤ᠂ ᠱᠠᠨᠳᠦ᠋ᠩ ᠤᠨ ᠤᠰᠤᠨ ᠭᠠᠮᠰᠢᠭ᠂ 70 ᠭᠠᠷᠤᠢ ᠲᠦᠮᠡᠨ ᠭᠠᠮᠰᠢᠭᠳᠠᠭᠰᠠᠨ ᠠᠷᠠᠳ ᠢ ᠬᠠᠨ ᠭᠦ᠋ ᠭᠤᠸᠠᠨ ᠪᠣᠭᠤᠮᠲᠠ ᠠᠴᠠ ᠪᠠᠷᠠᠭᠤᠨᠰᠢ | ᠪᠠ ᠱᠦᠸᠧ ᠹᠠᠩ ᠤᠨ ᠰᠢᠨ᠎ᠡ ᠴᠢᠨ ᠵᠦᠩ ᠳ᠋ᠢ ᠵᠦᠭ ᠨᠡᠭᠦᠯᠭᠡᠪᠡ᠃ ᠬᠤᠵᠢᠭᠠᠷ ᠳᠠᠵᠢᠷ ᠪᠣᠷᠣᠲᠣᠬᠤᠶ ᠶᠢᠨ ᠭᠠᠵᠠᠷ ᠣᠷᠣᠨ ᠳᠤ ᠳᠠᠬᠢᠨ ᠲᠠᠷᠢᠶᠠᠯᠠᠬᠤ ᠪᠠᠨ ᠰᠡᠷᠭᠡᠨ | ᠱᠦᠸᠧ ᠹᠠᠩ ᠤᠨ ᠨᠢᠭᠡ ᠦᠶ᠎ᠡ ᠶᠢᠨ ᠳᠠᠶᠢᠨ ᠳᠠᠬᠢᠨ ᠡᠭᠦᠰᠴᠡᠢ᠃ ᠾᠦᠩᠨᠦ ᠲᠠᠬᠢᠨᠳᠠ ᠲᠦᠷᠢᠨ ᠲᠠᠭᠠᠷᠢᠵᠤ᠂ ᠪᠤᠷᠤᠲᠤᠬᠠᠢ ᠶᠢᠨ ᠣᠷᠴᠢᠮ ᠤᠨ ᠡᠪᠡᠰᠦ ᠪᠡᠯᠴᠢᠭᠡᠷ | ᠥᠩ ᠰᠢᠮᠡᠯᠢᠭ ᠪᠤᠯᠬᠤᠷ ᠪᠠᠰᠠ ᠴᠡᠷᠢᠭ ᠲᠠᠶᠢᠨ ᠤ ᠪᠠᠶᠢᠯᠳᠤᠭᠠᠨ ᠤ ᠭᠠᠵᠠᠷ ᠪᠣᠯᠤᠭᠰᠠᠨ ᠪᠠᠶᠢᠨ᠎ᠠ᠃ | ᠨᠡᠶᠢᠳᠡ ᠶᠢᠨ ᠤᠨ ᠲᠤᠭᠠᠯᠠᠯ ᠠᠴᠠ ᠡᠮᠦᠨ᠎ᠡ 119 ᠤᠨ ᠳᠤ᠂ ᠬᠠᠨ ᠡᠤ ᠳ᠋ᠢ ᠵᠠᠩᠵᠤᠨ ᠸᠧᠢ ᠴᠢᠩ᠂ ᠾᠦᠸᠧ ᠴᠢᠦᠢ ᠪᠢᠩ ᠴᠡᠷᠢᠭ ᠢᠶᠠᠨ ᠳᠠᠶᠢᠴᠢᠯᠠᠨ | ᠭᠤᠪᠢ ᠶᠢᠨ ᠠᠷᠤ ᠳᠤ ᠬᠦᠨᠵᠡᠭᠡᠶᠢᠷᠡᠨ ᠾᠦᠩᠨᠦ ᠶᠢ ᠳᠠᠶᠢᠯᠠᠪᠠ᠃ ᠾᠦᠩᠨᠦ ᠢᠯᠠᠭᠳᠠᠨ ᠳᠤᠲᠠᠭᠠᠵᠤ᠂ ᠭᠤᠪᠢ ᠶᠢᠨ ᠡᠮᠦᠨ᠎ᠡ ︵ᠳᠠᠷᠤᠢ ᠦᠶᠤᠸᠠᠨ ᠵᠢᠶᠦ᠋ᠨ᠂ | ᠱᠦᠸᠧ ᠹᠠᠩ ᠵᠢᠶᠦ᠋ᠨ ᠵᠡᠷᠭᠡ ᠭᠠᠵᠠᠷ︶ ᠳᠤ ᠣᠴᠢᠵᠤ ᠸᠠᠩ ᠤᠨ ᠲᠢᠩᠬᠢᠮ ᠪᠠᠶᠢᠭᠤᠯᠪᠠ᠃ ᠨᠡᠶᠢᠳᠡ ᠶᠢᠨ ᠤᠨ ᠲᠤᠭᠠᠯᠠᠯ ᠠᠴᠠ ᠡᠮᠦᠨ᠎ᠡ 111 ᠤᠨ ᠳᠤ᠂ ᠬᠠᠨ | ᠤᠯᠤᠰ ᠤᠨ ᠵᠠᠰᠠᠭ ᠤᠨ ᠤᠷᠳᠤᠨ ᠨᠢ ᠱᠠᠩ ᠵᠢᠶᠦ᠋ᠨ᠂ ᠱᠦᠸᠧ ᠹᠠᠩ᠂ ᠰᠢ ᠡᠾᠧ᠂ ᠡᠾᠧ ᠰᠢ ᠵᠡᠷᠭᠡ ᠭᠠᠵᠠᠷ ᠲᠤ ᠲᠠᠷᠢᠶᠠᠯᠠᠩ ᠤᠨ ᠨᠤᠶᠠᠨ ᠲᠤᠮᠢᠯᠠᠵᠤ᠂ ᠵᠢᠷᠠᠨ | ᠲᠦᠮᠡᠨ ᠴᠡᠷᠢᠭ ᠢᠶᠠᠷ ᠲᠠᠷᠢᠶ᠎ᠠ ᠲᠠᠷᠢᠵᠤ ᠬᠢᠯᠢ ᠶᠢ ᠰᠠᠬᠢᠭᠤᠯᠪᠠ᠃ ᠨᠡᠶᠢᠳᠡ ᠶᠢᠨ ᠤᠨ ᠲᠤᠭᠠᠯᠠᠯ ᠠᠴᠠ ᠡᠮᠦᠨ᠎ᠡ 110 ᠤᠨ ᠳᠤ ᠬᠠᠨ ᠡᠤ ᠳ᠋ᠢ ᠬᠠᠭᠠᠨ ᠠᠷᠪᠠᠨ | ᠨᠠᠢᠮᠠᠨ ᠲᠦᠮᠡᠨ ᠶᠡᠭᠡ ᠴᠡᠷᠢᠭ ᠢᠶᠠᠨ ᠲᠠᠭᠠᠭᠤᠯᠤᠨ ᠶᠦᠨ ᠶᠠᠩ ᠤᠨ ᠱᠠᠩ ᠵᠢᠶᠦ᠋ᠨ᠂ ᠰᠢ ᠡᠾᠧ᠂ ᠱᠦᠸᠧ ᠹᠠᠩ᠂ ᠦᠶᠤᠸᠠᠨ ᠠᠴᠠ ᠮᠤᠷᠳᠠᠵᠤ᠂ ᠤᠷᠳᠤ ᠬᠡᠷᠠᠮ | ᠭᠠᠷᠴᠤ᠂ ᠮᠤᠨᠢ ᠠᠭᠤᠯᠠ ᠶᠢ ᠲᠠᠪᠠᠵᠤ᠂ ᠳᠠᠶᠢᠵᠢᠨ ᠳᠤ ᠭᠠᠷᠳᠠᠭ᠃ ᠾᠦ᠋ᠩᠨ᠋ᠦ ᠳᠤ ᠳᠠᠬᠢᠨ ᠳᠠᠪᠲᠠᠨ ᠡᠵᠡᠯᠡᠭᠳᠡᠭᠰᠡᠨ ᠪᠤᠶᠤ ᠬᠠᠷᠰᠢᠯᠠᠭᠳᠠᠵᠤ ᠪᠠᠶᠢᠭ᠎ᠠ ᠭᠠᠵᠠᠷ | ᠤᠷᠤᠨ ᠢ ᠳᠠᠬᠢᠨ ᠪᠦᠲᠦᠮᠵᠢᠲᠡᠶ ᠡᠵᠡᠮᠰᠢᠪᠡ᠃ | ᠨᠡᠶᠢᠳᠡ ᠶᠢᠨ ᠤᠨ ᠲᠤᠭᠠᠯᠠᠯ ᠠᠴᠠ ᠡᠮᠦᠨ᠎ᠡ 100 ᠵᠢᠯ ᠤᠨ ᠨᠠᠮᠤᠷ ᠵᠠᠰᠠᠭ ᠤᠨ ᠤᠷᠳᠤᠨ ᠳ᠋ᠢ ᠵᠢᠶᠠᠨ ᠲᠦᠨ ᠠᠲᠠᠷ ᠬᠠᠭᠠᠯᠪᠤᠷᠢᠯᠠᠨ ᠦᠶᠤᠸᠠᠨ ᠤ ᠭᠠᠵᠠᠷ | ᠳᠠᠷᠬᠠᠭᠠᠭᠰᠠᠨ ᠪᠠᠶᠢᠨ᠎ᠠ᠃ ᠲᠠᠷᠢᠶ᠎ᠠ ᠲᠦᠰᠢᠵᠦ ᠬᠢᠯᠢ ᠬᠢᠵᠠᠭᠠᠷ ᠢ ᠰᠠᠬᠢᠨ ᠬᠠᠮᠠᠭᠠᠯᠠᠬᠤ ᠢᠷᠭᠡᠳ ᠲᠤ ᠴᠥᠮ ᠠᠯᠪᠠᠨ ᠭᠡᠷ ᠠᠴᠠ ᠦᠬᠡᠷ᠂ ᠠᠨᠵᠢᠰᠤ᠂ ᠲᠠᠷᠢᠶᠠᠨ | ᠦᠷ᠎ᠡ ᠵᠡᠷᠭᠡ ᠶᠢ ᠬᠠᠩᠭᠠᠳᠠᠭ᠃ ᠱᠦᠸᠧ ᠹᠠᠩ ᠵᠡᠷᠭᠡ ᠭᠠᠵᠠᠷ ᠤᠨ ᠬᠢᠨ ᠬᠢᠯᠢ ᠶᠢᠨ ᠬᠠᠮᠠᠭᠠᠯᠠᠯᠲᠠ ᠶᠢᠨ ᠴᠢᠬᠤᠯᠠ ᠭᠠᠵᠠᠷ ᠢ ᠪᠠᠬᠢᠵᠢᠭᠦᠯᠵᠦ᠂ ᠰᠤᠪᠠᠭ ᠢᠶᠠᠷ ᠤᠰᠤ | ᠲᠠᠲᠠᠵᠤ ᠤᠰᠤᠯᠠᠬᠤ ᠶᠢ ᠶᠡᠭᠡ ᠪᠠᠷ ᠥᠷᠨᠢᠭᠦᠯᠵᠦ᠂ ᠲᠠᠷᠢᠶᠠᠯᠠᠩ ᠢ ᠬᠥᠭᠵᠢᠭᠦᠯᠬᠦ ᠶᠢᠨ ᠲᠥᠯᠥᠭᠡ᠂ ᠪᠣᠷᠣᠲᠣᠬᠤᠶ ᠣᠷᠣᠨ ᠳᠤ ᠬᠠᠷᠢᠴᠠᠩᠭᠤᠶ ᠪᠠᠷ ᠨᠡᠯᠢᠶᠡᠳ ᠣᠷᠳᠣ | ᠬᠤᠭᠤᠴᠠᠭᠠᠨ ᠤ ᠡᠩᠬᠡ ᠲᠠᠶᠢᠪᠤᠩ ᠠᠮᠤᠷ ᠲᠣᠭᠲᠠᠭᠤᠨ ᠪᠠᠶᠢᠳᠠᠯ ᠢᠯᠡᠷᠡᠵᠦ᠂ ᠲᠠᠷᠢᠶᠠᠯᠠᠩ ᠠᠵᠤ ᠠᠬᠤᠶ ᠰᠡᠷᠭᠦᠬᠦ ᠪᠠᠷ ᠪᠠᠷᠠᠬᠤ ᠥᠬᠡᠶ ᠪᠠᠰᠠ ᠨᠡᠯᠢᠶᠡᠳ ᠶᠡᠭᠡ | ᠬᠥᠭᠵᠢᠯᠲᠡ ᠲᠠᠢ ᠪᠣᠯᠤᠭᠰᠠᠨ ᠪᠠᠶᠢᠨ᠎ᠠ᠃ | 225 ᠣᠨ ᠳᠤ ᠯᠦ ᠹᠠᠩ ᠰᠠᠮᠠᠭᠤᠷᠠᠯ ᠳᠤ ᠤᠴᠠᠷᠠᠵᠤ ᠦᠶᠤᠸᠠᠨ ᠬᠡᠮᠡᠨ ᠨᠡᠷᠡᠯᠡᠵᠡᠢ᠃ ᠬᠢᠵᠠᠭᠠᠷ ᠵᠢᠶᠦ᠋ᠨ ᠢ ᠬᠠᠰᠤᠵᠦ᠂ ᠬᠠᠩᠵᠧᠦ ᠶᠢᠨ ᠬᠤᠶᠢᠲᠤ | ᠨᠤᠲᠤᠭ ᠨᠢ ᠯᠦ ᠹᠠᠩ ᠤᠨ ᠭᠠᠵᠠᠷ ᠪᠣᠯᠭᠠᠵᠠᠢ᠃ ᠭᠤᠸᠠᠩ ᠡᠤ ᠵᠦᠩ ᠰᠢᠩ᠂ ᠳ᠋ᠠ ᠫᠦᠸᠧ ᠯᠦ ᠹᠠᠩ᠂ ᠱᠦᠸᠧ ᠹᠠᠩ ᠵᠢᠶᠦ᠋ᠨ ᠤ ᠯᠢᠨᠾᠧ ᠵᠡᠷᠭᠡ ᠲᠠᠪᠤᠨ ᠰᠢᠶᠠᠨ ᠢ | ᠰᠢ ᠾᠧ ᠵᠢᠶᠦ᠋ᠨ ᠲᠠᠢ ᠨᠡᠶᠢᠯᠡᠭᠦᠯᠵᠦ᠂ ᠰᠢ ᠾᠧ ᠵᠢᠶᠦ᠋ᠨ ᠤ ᠶᠡᠭᠡ ᠰᠢᠶᠠᠨ ᠤ ᠬᠤᠲᠠ ᠶᠢ ᠱᠦᠸᠧ ᠹᠠᠩ ᠵᠢᠶᠦ᠋ᠨ ᠲᠠᠢ ᠨᠡᠶᠢᠯᠡᠭᠦᠯᠵᠦ᠂ ᠡᠨᠡ ᠬᠦ ᠬᠤᠭᠤᠴᠠᠭᠠᠨ ᠳᠤ | ᠬᠠᠩᠬᠢᠨ ᠬᠤᠶᠢᠲᠤ ᠣᠷᠣᠨ ᠨᠢ ᠮᠥᠨ ᠯᠡ ᠱᠦᠸᠧ ᠹᠠᠩ ᠵᠢᠶᠦ᠋ᠨ ᠤ ᠲᠠᠩᠨᠠᠭᠤᠯ ᠤᠨ ᠶᠠᠮᠤᠨ ᠤ ᠵᠠᠬᠢᠷᠤᠭᠴᠢ ᠪᠣᠯᠵᠠᠢ᠃ | ᠨᠡᠶᠢᠳᠡ ᠶᠢᠨ ᠤᠨ ᠲᠤᠭᠠᠯᠠᠯ ᠤᠨ 140 ᠤᠨ ᠳᠤ᠂ ᠡᠮᠦᠨᠡᠳᠦ ᠾᠸᠤᠩᠨᠤ ᠳᠤ ᠳᠤᠳᠤᠭᠠᠳᠤ ᠶᠢᠨ ᠰᠠᠮᠠᠭᠤᠷᠠᠯ ᠡᠭᠦᠰᠴᠠᠢ᠃ ᠬᠠᠨ ᠤᠯᠤᠰ ᠤᠨ ᠵᠠᠰᠠᠭ ᠤᠨ | ᠣᠷᠳᠣᠨ ᠨᠢ ᠤᠷᠪᠠᠭᠴᠢᠳ ᠤᠨ ᠲᠦᠷᠢᠮᠡᠬᠡᠶᠢᠯᠡᠯ ᠢ ᠰᠡᠷᠭᠡᠶᠢᠯᠡᠬᠦ ᠶᠢᠨ ᠲᠥᠯᠥᠭᠡ ᠰᠢ ᠾᠧ᠂ ᠱᠠᠩ ᠵᠢᠶᠦ᠋ᠨ᠂ ᠱᠦᠸᠧ ᠹᠠᠩ ᠵᠡᠷᠭᠡ ᠵᠢᠶᠦ᠋ᠨ ᠤ ᠰᠠᠭᠤᠭ᠎ᠠ ᠭᠠᠵᠠᠷ ᠢ | ᠡᠮᠦᠨᠡᠰᠢ ᠨᠡᠭᠦᠯᠭᠡᠵᠦ᠂ ᠬᠢᠯᠢ ᠬᠢᠵᠠᠭᠠᠷ ᠵᠢᠶᠦ᠋ᠨ ᠠᠶᠠᠨᠳᠠᠭᠠᠨ ᠪᠤᠲᠠᠷᠠᠨ ᠨᠡᠭᠦᠳᠡᠯᠯᠡᠵᠡᠢ᠃ ᠬᠠᠩᠭᠢᠨ ᠬᠤᠶᠢᠲᠤ ᠬᠤᠰᠢᠭᠤᠨ ᠤ ᠭᠠᠵᠠᠷ ᠣᠷᠣᠨ ᠴᠤ ᠾᠦᠩᠨᠦ ᠳᠤ | ᠤᠷᠣᠪᠠ᠃ | ᠵᠡᠭᠦᠨ ᠬᠠᠨ ᠤᠯᠤᠰ ᠤᠨ ᠰᠡᠭᠦᠯᠴᠢ ᠶᠢᠨ ᠦᠶ᠎ᠡ ᠳᠤ ᠾᠦᠩᠨᠦ ᠶᠢᠨ ᠬᠦᠴᠦᠨ ᠲᠤᠷᠦ᠋ᠢᠳᠠᠨ ᠪᠠᠭᠤᠷᠠᠵᠤ ᠡᠮᠦᠨᠡᠰᠢ ᠨᠡᠭᠦᠬᠦ ᠶᠢ ᠳᠠᠭᠠᠯᠳᠤᠨ᠂ ᠳ᠋ᠦᠩᠬᠤ ᠶᠢᠨ | ᠶᠡᠭᠡ ᠰᠢᠶᠠᠨᠪᠢ ᠠᠭᠤᠯᠠᠨ ᠤ ᠰᠢᠶᠠᠨᠪᠢ ᠦᠨᠳᠦᠰᠦᠲᠡᠨ ᠠᠭᠠᠵᠢᠮ ᠢᠶᠠᠷ ᠬᠦᠴᠦᠷᠬᠡᠭᠵᠢᠵᠦ᠂ ᠾᠦᠩᠨᠦ ᠶᠢᠨ ᠬᠠᠭᠤᠴᠢᠨ ᠭᠠᠵᠠᠷ ᠲᠤ ᠰᠠᠭᠠᠳᠠᠪᠠ᠃ ᠰᠢᠶᠠᠨᠪᠢ | ᠦᠨᠳᠦᠰᠦᠲᠡᠨ ᠠᠯᠳᠠᠷᠲᠤ ᠠᠬᠠᠯᠠᠭᠴᠢ ᠲᠠᠨ ᠱᠢ ᠬᠤᠸᠠᠢ ᠶᠢᠨ ᠶᠡᠷᠦᠩᠬᠡᠢ ᠵᠠᠬᠢᠷᠤᠯ ᠢᠶᠠᠷ ᠤᠷᠢᠳ ᠡᠮᠦᠨ᠎ᠡ ᠪᠠᠶᠢᠭ᠎ᠠ ᠦᠭᠡᠢ ᠬᠦᠴᠦᠷᠬᠡᠭ ᠶᠡᠭᠡ ᠰᠢᠶᠠᠨᠪᠢ | ᠠᠶᠢᠮᠠᠭ ᠤᠨ ᠴᠡᠷᠢᠭ ᠤᠨ ᠶᠠᠪᠤᠳᠠᠯ ᠤᠨ ᠶᠡᠭᠡ ᠬᠤᠯᠪᠣᠭ᠎ᠠ ᠶᠢ ᠪᠠᠶᠢᠭᠤᠯᠵᠤ᠂ ︽ᠵᠡᠭᠦᠨ ᠪᠠᠷᠠᠭᠤᠨ ᠲᠦᠮᠡ ᠬᠤᠶᠠᠷ ᠮᠢᠩᠭ᠎ᠠ ᠭᠠᠷᠤᠢ ᠭᠠᠵᠠᠷ᠂ ᠡᠮᠦᠨ᠎ᠡ ᠤᠮᠠᠷ᠎ᠠ | ᠲᠤᠯᠤᠭᠠᠨ ᠮᠢᠩᠭ᠎ᠠ ᠭᠠᠷᠤᠢ ᠭᠠᠵᠠᠷ︾᠂ ︽ᠾᠦᠩᠨᠦ ᠶᠢᠨ ᠡᠬᠡ ᠭᠠᠵᠠᠷ ᠢ ᠡᠵᠡᠯᠡᠪᠡ︾᠂ ︽ᠴᠡᠷᠢᠭ ᠮᠣᠷᠢ ᠨᠢ ᠾᠦᠩᠨᠦ ᠶᠢ ᠬᠡᠳᠦ ᠡᠵᠡᠯᠡᠪᠡ︾᠂ ᠤᠮᠠᠷᠠᠲᠤ ᠶᠢᠨ | ᠦᠨᠳᠦᠰᠦᠲᠡᠨ ᠨᠦᠭᠦᠳ ᠤᠨ ᠳᠣᠲᠣᠷ᠎ᠠ ᠾᠦᠩᠨᠦ ᠶᠢ ᠵᠠᠯᠭᠠᠮᠵᠢᠯᠠᠭᠰᠠᠨ ᠤ ᠳᠠᠷᠠᠭ᠎ᠠ ᠨᠣᠶᠠᠷᠬᠠᠯ ᠤᠨ ᠪᠠᠶᠢᠷᠢ ᠰᠠᠭᠤᠷᠢ ᠶᠢ ᠡᠵᠡᠯᠡᠵᠦ ᠪᠠᠶᠢᠵᠠᠢ᠃ ᠵᠡᠭᠦᠨ ᠬᠠᠨ | ᠤᠯᠤᠰ ᠤᠨ ᠠᠨ ᠬᠠᠨ ᠬᠤᠶᠠᠷ ᠵᠢᠯ ᠰᠠᠭᠤᠷᠢᠯᠠᠵᠤ ︵123 ᠤᠨ︶᠂ ᠰᠢᠶᠠᠨᠪᠢ ᠾᠦᠩᠨᠦ ᠶᠢ ᠢᠯᠠᠭᠰᠠᠨ ᠤ ᠰᠡᠭᠦᠯᠡᠷ ︵ᠤᠳᠤ ᠶᠢᠨ ᠶᠡᠭᠡ ᠵᠤᠤ ᠠᠶᠢᠮᠠᠭ ᠤᠨ | ᠲᠠᠯᠠᠳ ᠬᠤᠰᠢᠭᠤᠨ ᠤ ᠵᠡᠬᠦᠨ ᠡᠮᠣᠨ᠎ᠠ︶᠂ ᠪᠣᠷᠣ ᠲᠣᠬᠤᠢ ᠶᠢᠨ ᠭᠠᠵᠠᠷ ᠤᠷᠤᠨ ᠳᠤ ᠤᠷᠤᠵᠤ ᠢᠷᠡᠪᠡ᠃ ᠨᠡᠶᠢᠲᠡ ᠶᠢᠨ ᠤᠨ ᠲᠣᠭᠠᠯᠠᠯ ᠤᠨ 258 ᠣᠨ ᠳᠤ | ᠰᠢᠶᠠᠨᠪᠢ ᠦᠨᠳᠦᠰᠦᠲᠡᠨ ᠤ ᠲᠦᠸᠧ ᠯᠢᠩ ᠠᠶᠢᠮᠠᠭ ᠤᠨ ᠠᠬᠠᠯᠠᠭᠴᠢ ᠲᠦᠸᠧ ᠪᠠ ᠯᠢ ᠸᠧᠢ ᠶᠢᠨ ᠳᠠᠭᠠᠭᠤᠯᠭ᠎ᠠ ᠳᠣᠣᠷ᠎ᠠ ᠦᠶᠤᠸᠠᠨ ᠤ ᠵᠡᠭᠦᠨ ᠠᠴᠠ ᠱᠧᠩ ᠯᠧ ︵ | ᠥᠨᠥ ᠶᠢᠨ ᠬᠤᠷᠢᠨᠭᠡᠷ ᠲᠣᠰᠬᠤᠨ︶ ᠰᠢᠯᠵᠢᠵᠦ᠂ ᠠᠶᠢᠮᠠᠭ ᠲᠤ ᠪᠠᠨ ᠨᠡᠶᠢᠯᠡᠨ ᠲᠤᠰ ᠠᠶᠢᠮᠠᠭ ᠢᠶᠠᠨ ᠬᠥᠭᠵᠢᠭᠦᠯᠦᠨ ᠮᠠᠨᠳᠤᠭᠤᠯᠵᠠᠢ᠃ | ᠭᠤᠷᠪᠠᠨ ᠤᠯᠤᠰ ᠸᠧᠢ ᠤᠯᠤᠰ ᠠᠴᠠ ᠱᠠᠨ ᠰᠢ ᠶᠢᠨ ᠡᠬᠢ ᠬᠦᠷᠲᠡᠯ᠎ᠡ ᠪᠠᠶᠠᠨᠨᠠᠭᠤᠷ ᠠᠶᠢᠮᠠᠭ ᠤᠨ ᠬᠠᠷᠢᠶᠠᠨ ᠳᠠᠬᠢ ᠬᠢᠵᠠᠭᠠᠷ ᠣᠷᠣᠨ ᠨᠢ ᠤᠷᠢᠳ ᠬᠤᠵᠢᠳ | ᠾᠦᠩᠨᠦ᠂ ᠰᠢᠶᠠᠨᠪᠢ ᠶᠢᠨ ᠮᠠᠯᠵᠢᠬᠤ ᠣᠷᠣᠨ ᠪᠣᠯᠵᠠᠢ᠃ | | | |