︽ᠬᠠᠩᠭᠢᠨ ᠬᠤᠶᠢᠲᠤ ᠬᠤᠰᠢᠭᠤᠨ ᠤ 2024 ᠣᠨ ᠤ ᠬᠤᠲᠠ ᠪᠠᠯᠭᠠᠰᠤᠨ ᠤ ᠢᠯᠴᠢ ᠬᠠᠩᠭᠠᠬᠤ ᠳᠤᠯᠠᠭᠠᠯᠠᠭ᠎ᠠ ᠶᠢᠨ ᠢᠨᠵᠧᠨᠧᠷᠢᠩ ᠤᠨ ᠬᠡᠷᠡᠭᠵᠢᠭᠦᠯᠬᠦ ᠲᠥᠰᠦᠯ︾ ᠤᠨ ᠲᠥᠷᠥ ᠶᠢᠨ ᠪᠣᠳᠣᠯᠭ᠎ᠠ ᠶᠢᠨ ᠲᠠᠶᠢᠯᠤᠮᠵᠢ
ᠨᠡᠶᠢᠲᠡᠯᠡᠭᠰᠡᠨ ᠴᠠᠭ᠄
2024/2/28
      ᠨᠢᠭᠡ᠂ ᠲᠥᠷᠥᠯ ᠵᠦᠢᠯ ᠤᠨ ᠪᠦᠲᠦᠭᠡᠨ ᠪᠠᠶᠢᠭᠤᠯᠤᠯᠲᠠ ᠶᠢᠨ ᠠᠬᠤᠢ ᠪᠠᠶᠢᠳᠠᠯ ᠬᠢᠭᠡᠳ ᠠᠴᠢ ᠬᠤᠯᠪᠣᠭᠳᠠᠯ     ᠪᠠᠶᠠᠨᠨᠠᠭᠤᠷ ᠬᠤᠲᠠ ᠶᠢᠨ ᠬᠤᠲᠠ ᠶᠢᠨ ᠲᠥᠪᠯᠡᠷᠡᠭᠦᠯᠦᠨ ᠢᠯᠴᠢ ᠬᠠᠩᠭᠠᠬᠤ ᠦᠢᠯᠡᠰ ᠨᠢᠭᠡᠨᠲᠡ ᠬᠡᠳᠦᠨ ᠵᠢᠯ ᠬᠥᠭᠵᠢᠵᠦ᠂ ᠲᠥᠪᠯᠡᠷᠡᠭᠦᠯᠦᠨ ᠢᠯᠴᠢ ᠬᠠᠩᠭᠠᠬᠤ ᠠᠵᠢᠯᠯᠠᠭᠠᠨ ᠤ ᠦᠢᠯᠡᠳᠦᠯᠭᠡ ᠶᠢ ᠳᠠᠭᠠᠯᠳᠤᠨ᠂ ᠰᠠᠶᠢᠨ ᠰᠠᠶᠢᠬᠠᠨ ᠳᠦᠷᠢ ᠲᠥᠷᠬᠦ ᠪᠠ ᠢᠲᠡᠭᠡᠯ ᠬᠦᠨᠳᠦ ᠶᠢ ᠪᠣᠶ ᠪᠣᠯᠭᠠᠵᠤ᠂ ᠲᠥᠪᠯᠡᠷᠡᠭᠦᠯᠦᠨ ᠢᠯᠴᠢ ᠬᠠᠩᠭᠠᠬᠤ ᠳᠤ ᠣᠷᠣᠯᠴᠠᠬᠤ᠂ ᠢᠯᠴᠢ ᠬᠠᠩᠭᠠᠬᠤ ᠬᠡᠪᠴᠢᠶ᠎ᠡ ᠶᠢ ᠥᠷᠭᠡᠳᠬᠡᠬᠦ ᠬᠦᠰᠡᠯ ᠱᠠᠭᠠᠷᠳᠠᠯᠭ᠎ᠠ ᠤᠯᠠᠮ ᠠᠴᠠ ᠤᠯᠠᠮ ᠥᠨᠳᠥᠷ ᠪᠣᠯᠵᠤ᠂ ᠬᠤᠲᠠ ᠶᠢᠨ ᠪᠠᠷᠢᠯᠭ᠎ᠠ ᠵᠢᠴᠢ ᠢᠯᠴᠢ ᠶᠢᠨ ᠳᠠᠭᠠᠭᠠᠴᠠ ᠶᠢᠨ ᠬᠥᠭᠵᠢᠯᠲᠡ ᠮᠠᠰᠢ ᠲᠦᠷᠭᠡᠨ ᠪᠣᠯᠵᠤ᠂ ᠬᠠᠩᠭᠢᠨ ᠬᠤᠶᠢᠲᠤ ᠬᠤᠰᠢᠭᠤᠨ ᠤ ᠪᠥᠲᠥᠭᠡᠨ ᠪᠠᠶᠢᠭᠤᠯᠤᠯᠲᠠ ᠡᠳᠦᠷ ᠢᠷᠡᠬᠦᠶ᠎ᠡ ᠰᠢᠨᠡᠳᠴᠦ᠂ ᠢᠯᠴᠢ ᠬᠠᠩᠭᠠᠬᠤ ᠲᠥᠬᠦᠭᠡᠷᠦᠮᠵᠢ ᠶᠢᠨ ᠪᠥᠲᠥᠭᠡᠨ ᠪᠠᠶᠢᠭᠤᠯᠤᠯᠲᠠ ᠶᠢ ᠲᠦᠷᠭᠡᠳᠬᠡᠬᠦ ᠪᠣᠯ ᠬᠠᠩᠭᠢᠨ ᠬᠤᠶᠢᠲᠤ ᠬᠤᠰᠢᠭᠤᠨ ᠤ ᠬᠥᠭᠵᠢᠯᠲᠡ ᠶᠢᠨ ᠬᠡᠷᠡᠭᠴᠡᠭᠡ ᠳᠤ ᠵᠣᠬᠢᠴᠠᠭᠤᠯᠤᠨ᠎ᠠ᠃ ᠬᠤᠲᠠ ᠶᠢᠨ ᠵᠠᠰᠠᠭ ᠤᠨ ᠣᠷᠳᠣᠨ᠂ ᠬᠤᠰᠢᠭᠤᠨ ᠤ ᠵᠠᠰᠠᠭ ᠤᠨ ᠣᠷᠳᠣᠨ ᠡᠭᠦᠨ ᠢ ᠲᠦᠢᠯ ᠢᠶᠠᠷ ᠴᠢᠬᠤᠯᠠᠴᠢᠯᠠᠨ ᠦᠵᠡᠵᠦ᠂ ᠥᠷᠭᠡᠨ ᠣᠯᠠᠨ ᠬᠤᠲᠠ ᠶᠢᠨ ᠠᠷᠠᠳ ᠴᠤ ᠲᠥᠪᠯᠡᠷᠡᠭᠦᠯᠦᠨ ᠢᠯᠴᠢ ᠬᠠᠩᠭᠠᠬᠤ ᠢᠨᠵᠧᠨᠧᠷᠢᠩ ᠤᠨ ᠪᠥᠲᠥᠭᠡᠨ ᠪᠠᠶᠢᠭᠤᠯᠤᠯᠲᠠ ᠶᠢ ᠲᠦᠷᠭᠡᠳᠬᠡᠬᠦ ᠶᠢ ᠢᠳᠡᠪᠬᠢᠲᠡᠶ ᠱᠠᠭᠠᠷᠳᠠᠭᠰᠠᠨ ᠪᠠᠶᠢᠨ᠎ᠠ᠃ ᠡᠨᠡ ᠪᠣᠯ ᠢᠯᠴᠢ ᠶᠢᠨ ᠳᠠᠭᠠᠭᠠᠴᠠ ᠶᠢᠨ ᠬᠥᠭᠵᠢᠯᠲᠡ ᠶᠢᠨ ᠬᠡᠷᠡᠭᠴᠡᠭᠡ ᠮᠥᠨ᠃ ᠨᠠᠩ ᠴᠤ ᠣᠷᠴᠢᠨ ᠲᠣᠭᠤᠷᠢᠨ ᠤ ᠬᠠᠮᠠᠭᠠᠯᠠᠯᠲᠠ ᠶᠢᠨ ᠬᠡᠷᠡᠭᠴᠡᠭᠡ ᠮᠥᠨ᠃      ᠳᠤᠮᠳᠠᠳᠤ ᠤᠯᠤᠰ ᠤᠨ ᠡᠪ ᠬᠠᠮᠲᠤ ᠨᠠᠮ ᠤᠨ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠠᠷᠪᠠᠨ ᠨᠢᠭᠡᠳᠦᠭᠡᠷ ᠬᠤᠭᠤᠴᠠᠭᠠᠨ ᠤ ᠳᠣᠯᠣᠳᠤᠭᠠᠷ ᠪᠦᠬᠦᠳᠡ ᠬᠤᠷᠠᠯ ᠵᠢᠴᠢ ᠪᠦᠬᠦ ᠣᠷᠣᠨ ᠤ ᠠᠵᠤ ᠠᠬᠤᠢ ᠶᠢᠨ ᠠᠵᠢᠯ ᠤᠨ ᠬᠤᠷᠠᠯ ᠠᠴᠠ ︽ᠲᠠᠪᠤᠨ ᠶᠡᠭᠡ ᠡᠭᠦᠷᠭᠡ︾ ᠶᠢ ᠪᠡᠶᠡᠯᠡᠭᠦᠯᠬᠦ ᠳᠤ ᠠᠩᠬᠠᠷᠤᠯ ᠢᠶᠠᠨ ᠲᠥᠪᠯᠡᠷᠡᠭᠦᠯᠵᠦ᠂ ᠲᠣᠭᠲᠠᠭᠤᠨ ᠤ ᠳᠤᠮᠳᠠ ᠤᠷᠤᠭᠰᠢᠯᠠᠨ ᠲᠠᠪᠰᠢᠬᠤ᠂ ᠤᠷᠤᠭᠰᠢᠯᠠᠬᠤ ᠪᠠᠷ ᠲᠣᠭᠲᠠᠭᠤᠨ ᠢ ᠠᠬᠢᠭᠤᠯᠬᠤ᠂ ᠤᠷᠢᠳ ᠢᠶᠠᠷ ᠪᠠᠶᠢᠭᠤᠯᠵᠤ ᠳᠠᠷᠠᠭ᠎ᠠ ᠨᠢ ᠡᠪᠳᠡᠬᠦ ᠶᠢ ᠪᠠᠷᠢᠮᠲᠠᠯᠠᠵᠤ᠂ ᠴᠢᠨᠠᠷ ᠰᠠᠶᠢᠲᠠᠢ ᠬᠥᠭᠵᠢᠯᠲᠡ ᠳᠤ ᠬᠤᠯᠪᠣᠭᠳᠠᠬᠤ ᠭᠤᠣᠯᠳᠠᠯᠭ᠎ᠠ ᠲᠠᠢ ᠡᠭᠦᠷᠭᠡ ᠶᠢ ᠪᠦᠬᠦ ᠬᠦᠴᠦᠨ ᠢᠶᠠᠷ ᠢᠶᠠᠨ ᠰᠠᠶᠢᠲᠤᠷ ᠠᠳᠬᠤᠬᠤ ᠬᠡᠷᠡᠭᠲᠡᠢ ᠭᠡᠵᠦ ᠳᠤᠷᠠᠳᠪᠠ᠃ ᠢᠯᠠᠩᠭᠤᠶ᠎ᠠ ᠪᠦᠬᠦ ᠣᠷᠣᠨ ᠤ ᠠᠵᠤ ᠠᠬᠤᠢ ᠶᠢᠨ ᠬᠥᠭᠵᠢᠯᠲᠡ ᠪᠠ ᠠᠷᠠᠳ ᠤᠨ ᠠᠮᠢᠳᠤᠷᠠᠯ ᠤᠨ ᠰᠠᠶᠢᠵᠢᠷᠠᠯᠲᠠ ᠳᠤ ᠲᠤᠯᠭᠠᠭᠤᠷᠢᠯᠠᠬᠤ ᠴᠢᠨᠠᠷᠲᠠᠢ᠂ ᠳᠠᠶᠢᠴᠢᠯᠠᠬᠤ ᠴᠢᠨᠠᠷᠲᠠᠢ ᠲᠦᠷᠦ ᠶᠢᠨ ᠪᠤᠳᠤᠯᠭ᠎ᠠ ᠶᠢ ᠨᠠᠶᠢᠳᠠᠪᠤᠷᠢᠵᠢᠭᠤᠯᠬᠤ ᠢᠨᠵᠧᠨᠧᠷᠢᠩ᠂ ᠡᠯᠡᠰᠦ ᠶᠢ ᠰᠡᠷᠭᠡᠶᠢᠯᠡᠵᠦ ᠡᠯᠡᠰᠦ ᠶᠢ ᠵᠠᠰᠠᠬᠤ ᠪᠠ ᠰᠠᠯᠬᠢᠨ ᠬᠦᠴᠦᠨ ᠭᠡᠷᠡᠯ ᠴᠡᠨᠡᠭ ᠤᠨ ᠨᠢᠭᠡ ᠴᠣᠭᠴᠠᠵᠢᠭᠰᠠᠨ ᠢᠨᠵᠧᠨᠧᠷᠢᠩ᠂ ᠳᠤᠯᠠᠭᠠᠴᠠᠭᠤᠯᠬᠤ ᠢᠨᠵᠧᠨᠧᠷᠢᠩ᠂ ᠦᠨᠡᠨᠴᠢ ᠢᠲᠡᠭᠡᠮᠵᠢ ᠶᠢᠨ ᠪᠠᠶᠢᠭᠤᠯᠤᠯᠲᠠ ᠶᠢᠨ ᠢᠨᠵᠧᠨᠧᠷᠢᠩ᠂ ᠰᠢᠨᠵᠢᠯᠡᠬᠦ ᠤᠬᠠᠭᠠᠨ ᠮᠡᠷᠭᠡᠵᠢᠯ ᠤᠨ ︽ᠪᠦᠰᠡᠯᠡᠯᠲᠡ ᠶᠢ ᠰᠢᠪᠲᠤᠯᠬᠤ︾ ᠢᠨᠵᠧᠨᠧᠷᠢᠩ᠂ ᠴᠢᠯᠥᠭᠡᠲᠦ ᠠᠷᠠᠯᠵᠢᠶᠠᠨ ᠤ ᠣᠷᠣᠨ ᠢ ᠡᠭᠦᠳᠦᠨ ᠪᠠᠶᠢᠭᠤᠯᠬᠤ ᠢᠨᠵᠧᠨᠧᠷᠢᠩ ᠤᠨ ︽ᠵᠢᠷᠭᠤᠭᠠᠨ ᠢᠨᠵᠧᠨᠧᠷᠢᠩ︾ ᠢ ᠰᠠᠶᠢᠲᠤᠷ ᠬᠡᠷᠡᠭᠵᠢᠭᠦᠯᠬᠦ ᠬᠡᠷᠡᠭᠲᠡᠢ᠃ ᠡᠭᠦᠨ ᠳᠤ᠂ ᠳᠤᠯᠠᠭᠠᠯᠭ᠎ᠠ ᠶᠢᠨ ᠢᠨᠵᠧᠨᠧᠷᠢᠩ ᠨᠢ ᠭᠤᠣᠯᠳᠠᠭᠤ ᠴᠥᠭᠡᠨ ᠪᠤᠰᠤ ᠣᠯᠠᠨ ᠲᠦᠮᠡᠨ ᠤ ᠲᠤᠰᠬᠠᠯ ᠴᠢᠩᠭ᠎ᠠ ᠪᠠᠶᠢᠭ᠎ᠠ ᠳᠤᠯᠠᠭᠠᠯᠭ᠎ᠠ ᠶᠢᠨ ᠠᠰᠠᠭᠤᠳᠠᠯ ᠳᠤ ᠴᠢᠭᠯᠡᠭᠦᠯᠦᠨ᠂ ᠣᠯᠠᠨ ᠲᠦᠮᠡᠨ ᠤ ᠲᠤᠰᠬᠠᠯ ᠴᠢᠩᠭ᠎ᠠ ᠪᠠᠶᠢᠭ᠎ᠠ ᠳᠤᠯᠠᠭᠠᠯᠭ᠎ᠠ ᠶᠢᠨ ᠠᠰᠠᠭᠤᠳᠠᠯ ᠢ ᠲᠦᠢᠯᠪᠤᠷᠢᠲᠠᠢ ᠰᠢᠢᠳᠪᠦᠷᠢᠯᠡᠬᠦ ᠶᠢ ᠴᠢᠬᠤᠯᠠ ᠶᠠᠪᠤᠳᠠᠯ ᠪᠣᠯᠭᠠᠵᠤ᠂ ᠣᠷᠣᠭᠤᠯᠤᠯᠲᠠ ᠶᠢᠨ ᠡᠷᠴᠢᠮ ᠢᠶᠠᠨ ᠴᠢᠩᠭᠠᠷᠠᠭᠤᠯᠤᠨ᠂ ᠪᠠᠶᠢᠭᠤᠯᠤᠯ ᠲᠣᠭᠲᠠᠴᠠ ᠶᠢᠨ ᠥᠭᠡᠷᠡᠴᠢᠯᠡᠯᠲᠡ ᠶᠢ ᠭᠦᠨᠵᠡᠭᠡᠶᠢᠷᠡᠭᠦᠯᠵᠦ᠂ ᠰᠢᠨ᠎ᠡ ᠬᠡᠯᠪᠡᠷᠢ ᠶᠢᠨ ᠣᠶᠤᠨᠴᠢ ᠪᠠᠷ ᠳᠤᠯᠠᠭᠠᠯᠭ᠎ᠠ ᠬᠠᠩᠭᠠᠬᠤ ᠵᠠᠭᠪᠤᠷ ᠢ ᠬᠠᠶᠢᠨ ᠰᠦᠪᠡᠭᠴᠢᠯᠡᠵᠦ᠂ ᠳᠤᠯᠠᠭᠠᠯᠭ᠎ᠠ ᠬᠠᠩᠭᠠᠬᠤ ᠠᠵᠢᠯ ᠢ ᠡᠷᠡᠰ ᠰᠠᠶᠢᠲᠤᠷ ᠬᠢᠵᠦ᠂ ᠠᠷᠠᠳ ᠲᠦᠮᠡᠨ ᠢ ᠶᠠᠭᠠᠬᠢᠭᠰᠠᠨ ᠴᠤ ᠵᠣᠪᠠᠭᠠᠵᠤ ᠪᠣᠯᠬᠤ ᠦᠭᠡᠢ᠃      ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠤᠯᠤᠰ ᠲᠥᠷᠥ ᠶᠢᠨ ᠵᠥᠪᠯᠡᠯᠭᠡᠨ ᠤ ᠠᠷᠪᠠᠨ ᠭᠤᠷᠪᠠᠳᠤᠭᠠᠷ ᠬᠤᠭᠤᠴᠠᠭᠠᠨ ᠤ ᠬᠤᠶᠠᠳᠤᠭᠠᠷ ᠬᠤᠷᠠᠯᠳᠤᠭᠠᠨ ᠠᠴᠠ 2024 ᠣᠨ ᠳᠤ᠂ ᠢᠯᠴᠢ ᠬᠠᠩᠭᠠᠬᠤ ᠬᠦᠷᠢᠶᠡᠨ ᠳᠠᠬᠢ ᠢᠯᠴᠢ ᠶᠢᠨ ᠡᠬᠢ ᠰᠤᠷᠪᠤᠯᠵᠢ ᠶᠢ ᠪᠠᠲᠤᠯᠠᠬᠤ᠂ ᠢᠯᠴᠢ ᠶᠢᠨ ᠲᠣᠤᠷ ᠢ ᠰᠢᠨᠡᠳᠬᠡᠬᠦ᠂ ᠢᠯᠴᠢ ᠶᠢᠨ ᠥᠷᠲᠡᠭᠡ ᠶᠢ ᠳᠡᠭᠡᠭᠰᠢᠯᠡᠭᠦᠯᠬᠦ᠂ ᠡᠷᠦᠬᠡ ᠶᠢᠨ ᠳᠣᠲᠣᠷᠠᠬᠢ ᠥᠭᠡᠷᠡᠴᠢᠯᠡᠯᠲᠡ᠂ ᠤᠶᠤᠨᠴᠢᠯᠠᠭᠰᠠᠨ ᠪᠠᠶᠢᠭᠤᠯᠤᠯᠲᠠ᠂ ᠪᠠᠴᠢᠮ ᠪᠠᠶᠢᠳᠠᠯ ᠢ ᠠᠷᠭᠠᠴᠠᠭᠠᠬᠤ ᠪᠠᠲᠤᠯᠠᠭ᠎ᠠ᠂ ᠰᠤᠯᠠ ᠨᠡᠭᠦᠷᠡᠰᠦ ᠶᠢ ᠵᠠᠰᠠᠬᠤ ᠵᠡᠷᠭᠡ ᠲᠤᠯᠤᠭᠠᠨ ᠲᠠᠯ᠎ᠠ ᠠᠴᠠ ᠠᠰᠠᠭᠤᠳᠠᠯ ᠢ ᠪᠠᠶᠢᠴᠠᠭᠠᠵᠤ᠂ ᠳᠤᠲᠠᠭᠳᠠᠯ ᠢ ᠨᠥᠬᠦᠪᠥᠷᠢᠯᠡᠵᠦ᠂ ᠨᠠᠶᠢᠳᠠᠪᠤᠷᠢᠵᠢᠭᠤᠯᠤᠯᠲᠠ ᠶᠢ ᠠᠳᠬᠤᠨ᠂ ᠨᠠᠷᠢᠯᠢᠭ ᠣᠨᠣᠪᠴᠢᠲᠠᠢ ᠪᠠᠷ ᠢᠯᠴᠢ ᠬᠠᠩᠭᠠᠬᠤ᠂ ᠬᠡᠷᠡᠭᠴᠡᠭᠡ ᠶᠣᠰᠣᠭᠠᠷ ᠢᠯᠴᠢ ᠬᠠᠩᠭᠠᠬᠤ ᠰᠢᠨ᠎ᠡ ᠬᠡᠯᠪᠡᠷᠢ ᠶᠢᠨ ᠣᠶᠤᠨᠴᠢ ᠢᠯᠴᠢ ᠬᠠᠩᠭᠠᠬᠤ ᠵᠠᠭᠪᠤᠷ ᠢ ᠰᠦᠪᠡᠭᠴᠢᠯᠡᠨ ᠪᠠᠶᠢᠭᠤᠯᠵᠤ᠂ ᠲᠠᠷᠠᠭᠠᠴᠢ ᠶᠢᠨ ᠳᠤᠯᠠᠭᠠᠯᠠᠭ᠎ᠠ ᠶᠢᠨ ᠤᠯᠠᠷᠢᠯ ᠤᠨ ᠢᠯᠴᠢ ᠬᠠᠩᠭᠠᠬᠤ ᠶᠠᠰᠤ ᠴᠢᠨᠠᠷ ᠢ ᠢᠯᠡᠳᠲᠡ ᠳᠡᠭᠡᠭᠰᠢᠯᠡᠭᠦᠯᠬᠦ ᠶᠢ ᠦᠨᠡᠨ ᠬᠦ ᠪᠠᠲᠤᠯᠠᠵᠤ᠂ ᠣᠯᠠᠨ ᠲᠦᠮᠡᠨ ᠤ ᠵᠠᠭᠠᠯᠳᠤᠯᠭ᠎ᠠ ᠶᠢ ᠶᠡᠭᠡ ᠪᠠᠷ ᠪᠠᠭᠤᠷᠠᠭᠤᠯᠵᠤ᠂ ᠠᠷᠠᠳ ᠣᠯᠠᠨ ᠢ ᠨᠠᠩ ᠰᠠᠶᠢᠨ ᠳᠤᠯᠠᠭᠠᠨ ᠡᠪᠦᠯᠵᠢᠭᠦᠯᠬᠦ ᠶᠢ ᠦᠨᠡᠨ ᠬᠦ ᠪᠠᠲᠤᠯᠠᠨ᠎ᠠ ᠭᠡᠵᠦ ᠳᠤᠷᠠᠳᠪᠠ᠃      ᠬᠤᠶᠠᠷ᠂ ᠪᠦᠲᠦᠭᠡᠨ ᠪᠠᠶᠢᠭᠤᠯᠤᠯᠲᠠ ᠶᠢᠨ ᠬᠠᠷᠠᠯᠲᠠ      ᠢᠯᠴᠢ ᠬᠠᠩᠭᠠᠬᠤ ᠦᠷ᠎ᠡ ᠪᠦᠲᠦᠮᠵᠢ ᠶᠢ ᠳᠡᠭᠡᠭᠰᠢᠯᠡᠭᠦᠯᠦᠨ᠎ᠡ᠄ ᠢᠯᠴᠢ ᠬᠠᠩᠭᠠᠬᠤ ᠬᠤᠭᠤᠯᠠᠶ ᠶᠢᠨ ᠲᠣᠤᠷ ᠢ ᠥᠭᠡᠷᠡᠴᠢᠯᠡᠬᠦ ᠪᠠᠷ ᠳᠠᠮᠵᠢᠭᠤᠯᠤᠨ᠂ ᠬᠤᠭᠤᠯᠠᠶ ᠶᠢᠨ ᠲᠣᠤᠷ ᠤᠨ ᠵᠢᠷᠤᠭ ᠲᠥᠯᠥᠪᠯᠡᠭᠡ ᠶᠢ ᠰᠢᠯᠢᠳᠡᠭᠵᠢᠭᠦᠯᠵᠦ᠂ ᠥᠨᠳᠥᠷ ᠪᠦᠲᠦᠮᠵᠢᠲᠡᠶ ᠲᠥᠬᠦᠭᠡᠷᠦᠮᠵᠢ ᠶᠢ ᠰᠣᠩᠭᠤᠨ ᠬᠡᠷᠡᠭᠯᠡᠵᠦ᠂ ᠢᠯᠴᠢ ᠶᠢᠨ ᠬᠡᠮᠵᠢᠶ᠎ᠡ ᠶᠢ ᠳᠠᠮᠵᠢᠭᠤᠯᠬᠤ ᠶᠠᠪᠤᠴᠠ ᠳᠠᠬᠢ ᠬᠤᠬᠢᠷᠠᠯ ᠢ ᠪᠠᠭᠠᠰᠬᠠᠵᠤ᠂ ᠡᠭᠦᠨ ᠤ ᠬᠠᠮᠲᠤ ᠢᠯᠴᠢ ᠬᠠᠩᠭᠠᠬᠤ ᠬᠤᠭᠤᠯᠠᠶ ᠶᠢᠨ ᠲᠣᠤᠷ ᠤᠨ ᠢᠯᠴᠢ ᠬᠠᠩᠭᠠᠬᠤ ᠦᠷ᠎ᠡ ᠪᠦᠲᠦᠮᠵᠢ ᠶᠢ ᠳᠡᠭᠡᠭᠰᠢᠯᠡᠭᠦᠯᠵᠦ᠂ ᠬᠡᠷᠡᠭᠯᠡᠭᠴᠢᠳ ᠲᠤ ᠥᠨᠳᠥᠷ ᠪᠦᠲᠦᠮᠵᠢᠲᠡᠶ᠂ ᠨᠠᠶᠢᠳᠠᠪᠤᠷᠢᠲᠠᠶ᠂ ᠢᠯᠴᠢ ᠬᠠᠩᠭᠠᠬᠤ ᠦᠢᠯᠡᠴᠢᠯᠡᠭᠡ ᠬᠠᠩᠭᠠᠵᠤ᠂ ᠬᠠᠩᠭᠢᠨ ᠬᠤᠶᠢᠲᠤ ᠬᠤᠰᠢᠭᠤᠨ ᠤ ᠰᠠᠭᠤᠭᠠᠯᠢ ᠠᠷᠠᠳ ᠤᠨ ᠠᠮᠢᠳᠤᠷᠠᠯ ᠤᠨ ᠶᠠᠰᠤ ᠴᠢᠨᠠᠷ ᠢ ᠰᠠᠶᠢᠵᠢᠷᠠᠭᠤᠯᠵᠤ᠂ ᠦᠷᠭᠦᠯᠵᠢᠯᠡᠨ ᠬᠥᠭᠵᠢᠬᠦ ᠶᠢ ᠪᠡᠶᠡᠯᠡᠭᠦᠯᠦᠨ᠎ᠡ᠃      ᠢᠯᠴᠢ ᠬᠠᠩᠭᠠᠬᠤ ᠠᠮᠤᠷ ᠲᠦᠪᠰᠢᠨ ᠢ ᠪᠠᠲᠤᠯᠠᠬᠤ᠄ ᠠᠮᠤᠷ ᠲᠦᠪᠰᠢᠨ ᠤ ᠳᠠᠯᠳᠠ ᠭᠡᠮ ᠢ ᠠᠷᠢᠯᠭᠠᠨ᠂ ᠲᠡᠷᠢᠭᠦᠨ ᠤ ᠮᠠᠲ᠋ᠧᠷᠢᠶᠠᠯ ᠪᠠ ᠮᠡᠷᠭᠡᠵᠢᠯ ᠢ ᠬᠡᠷᠡᠭᠯᠡᠬᠦ ᠪᠠᠷ ᠳᠠᠮᠵᠢᠭᠤᠯᠤᠨ᠂ ᠬᠤᠭᠤᠯᠠᠶ ᠲᠣᠤᠷ ᠤᠨ ᠳᠠᠭᠠᠭᠠᠮᠠᠭᠠᠶ ᠴᠢᠨᠠᠷ ᠪᠠ ᠨᠠᠶᠢᠳᠠᠪᠤᠷᠢᠲᠤ ᠴᠢᠨᠠᠷ ᠢ ᠳᠡᠭᠡᠭᠰᠢᠯᠡᠭᠦᠯᠵᠦ᠂ ᠢᠯᠴᠢ ᠬᠠᠩᠭᠠᠬᠤ ᠰᠢᠰᠲ᠋ᠧᠮ ᠤᠨ ᠲᠣᠭᠲᠠᠭᠤᠨ ᠢᠶᠠᠷ ᠠᠵᠢᠯᠯᠠᠬᠤ ᠶᠢ ᠦᠨᠡᠨᠬᠦ ᠪᠠᠲᠤᠯᠠᠵᠤ᠂ ᠬᠡᠷᠡᠭᠯᠡᠭᠴᠢᠳ ᠤᠨ ᠠᠮᠤᠷ ᠲᠦᠪᠰᠢᠨ ᠢ ᠪᠠᠲᠤᠯᠠᠨ᠂ ᠢᠯᠴᠢ ᠬᠠᠩᠭᠠᠬᠤ ᠶᠢ ᠵᠣᠭᠰᠣᠭᠠᠬᠤ ᠪᠤᠶᠤ ᠲᠥᠬᠦᠭᠡᠷᠦᠮᠵᠢ ᠶᠢᠨ ᠰᠠᠭᠠᠳ ᠵᠡᠷᠭᠡ ᠠᠳᠡᠯ ᠭᠠᠷᠬᠤ ᠶᠢ ᠰᠡᠷᠭᠡᠶᠢᠯᠡᠵᠦ᠂ ᠰᠠᠭᠤᠭᠠᠯᠢ ᠠᠷᠠᠳ ᠤᠨ ᠢᠯᠴᠢ ᠬᠠᠩᠭᠠᠬᠤ ᠬᠡᠷᠡᠭᠴᠡᠭᠡ ᠱᠠᠭᠠᠷᠳᠠᠯᠭ᠎ᠠ ᠶᠢ ᠪᠠᠲᠤᠯᠠᠨ᠎ᠠ᠃      ᠣᠷᠴᠢᠨ ᠲᠣᠭᠤᠷᠢᠨ ᠤ ᠬᠠᠮᠠᠭᠠᠯᠠᠯᠲᠠ ᠶᠢᠨ ᠡᠨᠧᠷᠭᠢ ᠠᠷᠪᠢᠯᠠᠬᠤ ᠶᠢ ᠠᠬᠢᠭᠤᠯᠬᠤ᠄ ᠣᠷᠴᠢᠨ ᠲᠣᠭᠤᠷᠢᠨ ᠤ ᠬᠠᠮᠠᠭᠠᠯᠠᠯᠲᠠ ᠶᠢᠨ ᠮᠠᠲ᠋ᠧᠷᠢᠶᠠᠯ ᠪᠣᠯᠤᠨ ᠡᠨᠧᠷᠭᠢ ᠠᠷᠪᠢᠯᠠᠬᠤ ᠮᠡᠷᠭᠡᠵᠢᠯ ᠢ ᠬᠡᠷᠡᠭᠯᠡᠵᠦ᠂ ᠬᠤᠭᠤᠯᠠᠶ ᠶᠢᠨ ᠲᠣᠤᠷ ᠤᠨ ᠪᠦᠲᠦᠭᠡᠨ ᠪᠠᠶᠢᠭᠤᠯᠤᠯᠲᠠ ᠪᠣᠯᠤᠨ ᠠᠵᠢᠯᠯᠠᠭᠠᠨ ᠤ ᠶᠠᠪᠤᠴᠠ ᠳᠠᠬᠢ ᠣᠷᠴᠢᠨ ᠲᠣᠭᠤᠷᠢᠨ ᠤ ᠪᠣᠬᠢᠷᠲᠤᠯ ᠪᠣᠯᠤᠨ ᠡᠨᠧᠷᠭᠢ ᠶᠢᠨ ᠬᠤᠷᠣᠭᠳᠠᠭᠤᠯᠭ᠎ᠠ ᠶᠢ ᠪᠠᠭᠤᠷᠠᠭᠤᠯᠵᠤ᠂ ᠤᠯᠤᠰ ᠤᠨ ᠡᠨᠧᠷᠭᠢ ᠠᠷᠪᠢᠯᠠᠨ ᠪᠣᠬᠢᠷᠲᠤᠯ ᠢ ᠭᠠᠳᠠᠭᠰᠢᠯᠠᠭᠤᠯᠬᠤ ᠬᠡᠮᠵᠢᠶ᠎ᠡ ᠶᠢ ᠪᠠᠭᠠᠰᠬᠠᠬᠤ ᠲᠥᠷᠥ ᠶᠢᠨ ᠪᠣᠳᠣᠯᠭ᠎ᠠ ᠶᠢᠨ ᠱᠠᠭᠠᠷᠳᠠᠯᠭ᠎ᠠ ᠳᠤ ᠨᠡᠶᠢᠴᠡᠭᠦᠯᠬᠦ ᠬᠡᠷᠡᠭᠲᠡᠶ᠃         ᠭᠤᠷᠪᠠ᠂ ᠪᠦᠲᠦᠭᠡᠨ ᠪᠠᠶᠢᠭᠤᠯᠤᠯᠲᠠ ᠶᠢᠨ ᠡᠭᠦᠷᠭᠡ      ᠬᠤᠭᠤᠯᠠᠶ ᠶᠢᠨ ᠲᠣᠣᠷ ᠢ ᠵᠢᠷᠤᠵᠤ ᠲᠥᠯᠥᠪᠯᠡᠨ ᠰᠢᠯᠢᠳᠡᠭᠵᠢᠭᠦᠯᠬᠦ᠄ ᠢᠯᠴᠢ ᠬᠠᠩᠭᠠᠬᠤ ᠬᠡᠷᠡᠭᠴᠡᠭᠡ ᠱᠠᠭᠠᠷᠳᠠᠯᠭ᠎ᠠ ᠪᠣᠯᠤᠨ ᠭᠠᠵᠠᠷ ᠤᠨ ᠪᠠᠶᠢᠴᠠ ᠭᠠᠵᠠᠷ ᠤᠨ ᠭᠠᠳᠠᠷᠭᠤ ᠵᠡᠷᠭᠡ ᠨᠥᠬᠦᠴᠡᠯ ᠢ ᠦᠨᠳᠦᠰᠦᠯᠡᠨ᠂ ᠢᠯᠴᠢ ᠬᠠᠩᠭᠠᠬᠤ ᠬᠤᠭᠤᠯᠠᠶ ᠶᠢᠨ ᠲᠣᠤᠷ ᠢ ᠰᠢᠯᠢᠳᠡᠭᠵᠢᠭᠦᠯᠦᠨ ᠵᠢᠷᠤᠵᠤ ᠲᠥᠯᠥᠪᠯᠡᠵᠦ᠂ ᠬᠡᠷᠡᠭᠯᠡᠬᠦ ᠵᠢᠯ ᠬᠤᠭᠤᠴᠠᠭ᠎ᠠ ᠨᠢ ᠨᠡᠯᠢᠶᠡᠳ ᠣᠷᠳᠣ᠂ ᠠᠮᠤᠷ ᠲᠦᠪᠰᠢᠨ ᠤ ᠳᠠᠯᠳᠠ ᠭᠡᠮ ᠣᠷᠣᠰᠢᠵᠤ ᠪᠠᠶᠢᠭ᠎ᠠ ᠪᠤᠶᠤ ᠢᠯᠴᠢ ᠬᠠᠩᠭᠠᠬᠤ ᠦᠷ᠎ᠡ ᠪᠦᠲᠦᠮᠵᠢ ᠪᠠᠷ ᠠᠨᠠᠶ ᠬᠠᠭᠤᠴᠢᠨ ᠬᠤᠭᠤᠯᠠᠶ ᠶᠢᠨ ᠲᠣᠤᠷ ᠲᠤ ᠴᠢᠭᠯᠡᠭᠦᠯᠦᠨ ᠰᠢᠨᠡᠳᠭᠡᠨ ᠥᠭᠡᠷᠡᠴᠢᠯᠡᠨ᠎ᠡ᠂ ᠡᠭᠦᠨ ᠳᠤ ᠬᠠᠭᠤᠴᠢᠨ ᠬᠤᠭᠤᠯᠠᠶ᠂ ᠨᠡᠭᠡᠯᠡᠬᠡᠶ ᠵᠡᠷᠭᠡ ᠲᠥᠬᠦᠭᠡᠷᠦᠮᠵᠢ ᠶᠢ ᠰᠣᠯᠢᠬᠤ ᠵᠡᠷᠭᠡ ᠪᠠᠭᠲᠠᠨ᠎ᠠ︔ ᠰᠠᠭᠤᠭᠠᠯᠢ ᠠᠷᠠᠳ ᠤᠨ ᠢᠯᠴᠢ ᠬᠠᠩᠭᠠᠬᠤ ᠬᠡᠷᠡᠭᠴᠡᠭᠡ ᠱᠠᠭᠠᠷᠳᠠᠯᠭ᠎ᠠ ᠶᠢ ᠬᠠᠩᠭᠠᠵᠤ ᠳᠡᠶᠢᠯᠬᠦ ᠦᠭᠡᠢ ᠬᠤᠭᠤᠯᠠᠶ ᠶᠢᠨ ᠲᠣᠤᠷ ᠢ ᠪᠣᠯ ᠴᠠᠭ ᠲᠤᠬᠠᠶ ᠳᠤᠨᠢ ᠥᠭᠡᠷᠡᠴᠢᠯᠡᠨ᠎ᠡ᠃ ᠬᠤᠭᠤᠯᠠᠶ ᠭᠤᠤᠷᠰᠤ ᠶᠢᠨ ᠵᠠᠮ ᠱᠤᠭᠤᠮ᠂ ᠲᠥᠬᠦᠭᠡᠷᠦᠮᠵᠢ ᠶᠢᠨ ᠬᠡᠯᠪᠡᠷᠢ ᠰᠣᠩᠭᠤᠬᠤ ᠪᠠ ᠪᠠᠭᠲᠠᠭᠠᠮᠵᠢ ᠶᠢ ᠲᠣᠬᠢᠷᠠᠭᠤᠯᠬᠤ ᠵᠡᠷᠭᠡ ᠶᠢ ᠵᠦᠶ ᠵᠣᠬᠢᠰᠲᠠᠶ ᠲᠥᠯᠥᠪᠵᠢᠭᠦᠯᠵᠦ᠂ ᠬᠤᠭᠤᠯᠠᠶ ᠲᠣᠤᠷ ᠤᠨ ᠢᠯᠴᠢ ᠬᠠᠩᠭᠠᠬᠤ ᠦᠷ᠎ᠡ ᠪᠦᠲᠦᠮᠵᠢ ᠪᠣᠯᠤᠨ ᠨᠠᠶᠢᠳᠠᠪᠤᠷᠢᠲᠤ ᠴᠢᠨᠠᠷ ᠢ ᠳᠡᠭᠡᠭᠰᠢᠯᠡᠭᠦᠯᠬᠦ ᠬᠡᠷᠡᠭᠲᠡᠶ᠃      ᠲᠥᠬᠦᠭᠡᠷᠦᠮᠵᠢ ᠶᠢᠨ ᠬᠡᠯᠪᠡᠷᠢ ᠰᠣᠩᠭᠤᠬᠤ ᠪᠠ ᠬᠤᠳᠠᠯᠳᠤᠨ ᠠᠪᠬᠤ᠄ ᠬᠤᠭᠤᠯᠠᠶ ᠶᠢᠨ ᠲᠣᠤᠷ ᠤᠨ ᠵᠢᠷᠤᠭ ᠲᠥᠯᠥᠪᠯᠡᠭᠡ ᠶᠢᠨ ᠱᠠᠭᠠᠷᠳᠠᠯᠭ᠎ᠠ ᠶᠢ ᠦᠨᠳᠦᠰᠦᠯᠡᠨ᠂ ᠶᠠᠰᠤ ᠴᠢᠨᠠᠷ ᠨᠢ ᠨᠠᠶᠢᠳᠠᠪᠤᠷᠢᠲᠠᠶ᠂ ᠴᠢᠳᠠᠮᠵᠢ ᠨᠢ ᠰᠢᠯᠢᠳᠡᠭ ᠰᠠᠶᠢᠨ᠂ ᠦᠢᠯᠡᠳᠬᠦᠨ ᠤ ᠬᠢᠷᠢ ᠲᠡᠩᠴᠡᠭᠰᠡᠨ ᠬᠤᠭᠤᠯᠠᠶ ᠶᠢᠨ ᠲᠣᠤᠷ ᠤᠨ ᠲᠥᠬᠦᠭᠡᠷᠦᠮᠵᠢ ᠶᠢ ᠰᠣᠩᠭᠤᠵᠤ᠂ ᠳᠠᠮᠵᠢᠭᠤᠯᠬᠤ ᠬᠤᠭᠤᠯᠠᠶ᠂ ᠨᠡᠭᠡᠯᠡᠬᠡᠶ᠂ ᠳᠤᠯᠠᠭᠠᠨ ᠢ ᠬᠠᠮᠠᠭᠠᠯᠠᠬᠤ ᠮᠠᠲ᠋ᠧᠷᠢᠶᠠᠯ ᠵᠡᠷᠭᠡ ᠶᠢ ᠪᠠᠭᠲᠠᠭᠠᠭᠰᠠᠨ ᠲᠥᠬᠦᠭᠡᠷᠦᠮᠵᠢ ᠶᠢ ᠣᠷᠳᠣ ᠬᠤᠭᠤᠴᠠᠭ᠎ᠠ ᠪᠠᠷ ᠠᠵᠢᠯᠯᠠᠭᠤᠯᠬᠤ ᠬᠡᠷᠡᠭᠴᠡᠭᠡ ᠶᠢ ᠬᠠᠩᠭᠠᠵᠤ ᠳᠡᠶᠢᠯᠬᠦ ᠶᠢ ᠦᠨᠡᠨ ᠬᠦ ᠪᠠᠲᠤᠯᠠᠬᠤ ᠶᠢᠨ ᠬᠠᠮᠲᠤ ᠬᠠᠮᠢᠶ᠎ᠠ ᠪᠥᠬᠦᠶ ᠶᠠᠰᠤ ᠴᠢᠨᠠᠷ ᠤᠨ ᠪᠠᠶᠢᠴᠠᠭᠠᠨ ᠬᠡᠮᠵᠢᠯᠲᠡ ᠪᠠ ᠭᠡᠷᠡᠴᠢᠯᠡᠭᠡ ᠶᠢ ᠤᠷᠤᠭᠰᠢᠲᠠᠶ ᠥᠩᠭᠡᠷᠡᠭᠦᠯᠦᠨ᠎ᠡ᠃      ᠠᠵᠢᠯᠯᠠᠭᠠᠨ ᠤ ᠬᠠᠮᠢᠶᠠᠷᠤᠯᠲᠠ ᠪᠠ ᠬᠠᠮᠠᠭᠠᠯᠠᠯᠲᠠ᠄ ᠠᠵᠢᠯᠯᠠᠭᠠᠨ ᠤ ᠬᠠᠮᠢᠶᠠᠷᠤᠯᠲᠠ ᠶᠢᠨ ᠪᠦᠷᠢᠨ ᠲᠡᠭᠦᠯᠳᠡᠷ ᠲᠦᠷᠢᠮ ᠪᠠ ᠠᠷᠠᠴᠢᠯᠠᠨ ᠬᠠᠮᠠᠭᠠᠯᠠᠬᠤ ᠰᠢᠰᠲ᠋ᠧᠮ ᠢ ᠪᠠᠶᠢᠭᠤᠯᠵᠤ᠂ ᠢᠯᠴᠢ ᠬᠠᠩᠭᠠᠬᠤ ᠬᠤᠭᠤᠯᠠᠶ ᠶᠢᠨ ᠲᠣᠤᠷ ᠤᠨ ᠠᠵᠢᠯᠯᠠᠭᠠᠨ ᠤ ᠪᠠᠶᠢᠳᠠᠯ ᠢ ᠴᠠᠭ ᠲᠤᠬᠠᠶ ᠳᠤᠨᠢ ᠬᠢᠨᠠᠨ ᠬᠡᠮᠵᠢᠵᠦ ᠲᠡᠮᠳᠡᠭᠯᠡᠵᠦ᠂ ᠬᠡᠪ ᠤᠨ ᠪᠤᠰᠤ ᠪᠠᠶᠢᠳᠠᠯ ᠢ ᠴᠠᠭ ᠲᠤᠬᠠᠶ ᠳᠤᠨᠢ ᠢᠯᠡᠷᠡᠭᠦᠯᠦᠨ ᠰᠢᠢᠳᠪᠦᠷᠢᠯᠡᠵᠦ᠂ ᠲᠥᠬᠦᠭᠡᠷᠦᠮᠵᠢ ᠶᠢ ᠬᠠᠮᠠᠭᠠᠯᠠᠬᠤ ᠪᠠ ᠪᠠᠶᠢᠴᠠᠭᠠᠨ ᠵᠠᠰᠠᠵᠤ᠂ ᠬᠤᠭᠤᠯᠠᠶ ᠶᠢᠨ ᠲᠣᠤᠷ ᠤᠨ ᠲᠣᠭᠲᠠᠭᠤᠨ ᠢᠶᠠᠷ ᠠᠵᠢᠯᠯᠠᠬᠤ ᠶᠢ ᠪᠠᠲᠤᠯᠠᠵᠤ᠂ ᠲᠥᠬᠦᠭᠡᠷᠦᠮᠵᠢ ᠶᠢᠨ ᠬᠡᠷᠡᠭᠯᠡᠯᠲᠡ ᠶᠢᠨ ᠠᠮᠢ ᠨᠠᠰᠤ ᠶᠢ ᠤᠷᠲᠤᠳᠬᠠᠨ᠎ᠠ᠃      ᠣᠷᠴᠢᠨ ᠲᠣᠭᠤᠷᠢᠨ ᠢ ᠬᠠᠮᠠᠭᠠᠯᠠᠬᠤ ᠪᠠ ᠡᠨᠧᠷᠭᠢ ᠠᠷᠪᠢᠯᠠᠬᠤ ᠠᠷᠭ᠎ᠠ ᠬᠡᠮᠵᠢᠶ᠎ᠡ᠄ ᠡᠨᠧᠷᠭᠢ ᠶᠢᠨ ᠬᠤᠷᠣᠭᠳᠠᠯ ᠪᠠ ᠪᠣᠬᠢᠷ ᠪᠣᠳᠠᠰ ᠭᠠᠳᠠᠭᠰᠢᠯᠠᠭᠤᠯᠬᠤ ᠬᠡᠮᠵᠢᠶ᠎ᠡ ᠶᠢ ᠪᠠᠭᠠᠰᠬᠠᠵᠤ᠂ ᠬᠤᠭᠤᠯᠠᠢ ᠶᠢᠨ ᠲᠣᠣᠷ ᠤᠨ ᠡᠨᠧᠷᠭᠢ ᠠᠷᠪᠢᠯᠠᠵᠤ ᠪᠣᠬᠢᠷᠲᠤᠯ ᠪᠣᠳᠠᠰ  ᠭᠠᠳᠠᠭᠰᠢᠯᠠᠭᠤᠯᠬᠤ ᠬᠡᠮᠵᠢᠶ᠎ᠡ ᠶᠢ ᠪᠠᠭᠠᠰᠬᠠᠬᠤ ᠠᠵᠢᠯ ᠢ ᠢᠳᠡᠪᠬᠢᠲᠡᠢ ᠲᠦᠯᠬᠢᠨ ᠠᠬᠢᠭᠤᠯᠤᠨ᠎ᠠ᠃       ᠳᠥᠷᠪᠡ᠂ ᠬᠡᠷᠡᠭᠵᠢᠭᠦᠯᠬᠦ ᠠᠭᠤᠯᠭ᠎ᠠ      ᠲᠣᠰ ᠲᠥᠷᠥᠯ ᠵᠦᠢᠯ ᠪᠣᠯ 2024 ᠣᠨ ᠤ ᠬᠠᠩᠭᠢᠨ ᠬᠤᠶᠢᠲᠤ ᠬᠤᠰᠢᠭᠤᠨ ᠤ ᠬᠤᠲᠠ ᠪᠠᠯᠭᠠᠰᠤᠨ ᠤ ᠳᠤᠯᠠᠭᠠᠯᠠᠭ᠎ᠠ ᠶᠢᠨ ᠢᠨᠵᠧᠨᠧᠷᠢᠩ ᠪᠣᠯᠤᠨ᠎ᠠ᠃ ᠨᠢᠭᠡ ᠤᠳᠠᠭᠠᠨ ᠤ ᠢᠯᠴᠢ ᠬᠠᠩᠭᠠᠬᠤ ᠬᠤᠭᠤᠯᠠᠶ ᠶᠢᠨ ᠲᠣᠤᠷ ᠢ 1500 ᠮᠧᠲᠷ ᠂ ᠢᠯᠴᠢ ᠬᠠᠩᠭᠠᠬᠤ ᠲᠠᠯᠠᠪᠠᠶ 11.1 ᠲᠦᠮᠡᠨ ᠲᠡᠭᠰᠢ ᠳᠥᠷᠪᠡᠯᠵᠢᠨ ᠮᠧᠲᠷ︔ ᠬᠤᠶᠠᠳᠠᠬᠢ ᠤᠳᠠᠭᠠᠨ ᠤ ᠢᠯᠴᠢ ᠬᠠᠩᠭᠠᠬᠤ ᠬᠤᠭᠤᠯᠠᠶ ᠶᠢᠨ ᠲᠣᠤᠷ ᠢ 8100 ᠮᠧᠲᠷ᠂ ᠢᠯᠴᠢ ᠬᠠᠩᠭᠠᠬᠤ ᠲᠠᠯᠠᠪᠠᠶ 20.98 ᠲᠦᠮᠡᠨ ᠲᠡᠭᠰᠢ ᠳᠥᠷᠪᠡᠯᠵᠢᠨ‌ᠮᠧᠲᠷ ᠢ ᠥᠭᠡᠷᠡᠴᠢᠯᠡᠨ᠎ᠡ︔ ᠠᠰᠠᠷ ᠤᠨ  ᠳᠣᠲᠣᠷᠠᠬᠢ ᠬᠤᠭᠤᠯᠠᠶ ᠶᠢ 4500 ᠮᠧᠲᠷ ᠥᠭᠡᠷᠡᠴᠢᠯᠡᠨ᠎ᠡ︔ ᠢᠯᠴᠢ ᠬᠠᠩᠭᠠᠬᠤ ᠥᠷᠲᠡᠭᠡ 27 ᠰᠠᠭᠤᠷᠢ ᠂ ᠢᠯᠴᠢ ᠬᠠᠩᠭᠠᠬᠤ ᠲᠠᠯᠠᠪᠠᠶ 254.83 ᠲᠦᠮᠡᠨ ᠲᠡᠭᠰᠢ ᠳᠥᠷᠪᠡᠯᠵᠢᠨ ᠮᠧᠲᠷ ᠪᠣᠯᠤᠨ᠎ᠠ᠃ ᠢᠯᠴᠢ ᠰᠣᠯᠢᠯᠴᠠᠬᠤ ᠥᠷᠲᠡᠭᠡ ᠶᠢ 3 ᠪᠠᠶᠢᠭᠤᠯᠵᠤ᠂ ᠢᠯᠴᠢ ᠬᠠᠩᠭᠠᠵᠤ ᠪᠣᠯᠬᠤ ᠲᠠᠯᠠᠪᠠᠶ 14.11 ᠲᠦᠮᠡᠨ ᠲᠡᠭᠰᠢ ᠳᠥᠷᠪᠡᠯᠵᠢᠨ ᠮᠧᠲᠷ︔ ᠬᠠᠭᠤᠴᠢᠨ ᠰᠠᠭᠤᠭᠠᠯᠢ ᠲᠣᠭᠤᠷᠢᠭ ᠤᠨ ᠬᠤᠯᠪᠣᠯᠳᠤᠭᠰᠠᠨ ᠢᠯᠴᠢ ᠬᠠᠩᠭᠠᠬᠤ ᠲᠠᠯᠠᠪᠠᠢ ᠶᠢ 638 ᠪᠣᠯᠭᠠᠨ ᠥᠭᠡᠷᠡᠴᠢᠯᠡᠪᠡ︔ ᠪᠠᠴᠢᠮ ᠪᠠᠶᠢᠳᠠᠯ ᠢ ᠠᠷᠭᠠᠴᠠᠬᠤ ᠰᠢᠯᠵᠢᠮᠡᠯ ᠲᠡᠷᠭᠡ 1 ᠵᠢᠴᠢ ᠢᠯᠴᠢ ᠬᠠᠩᠭᠠᠬᠤ ᠰᠠᠭᠤᠷᠢ ᠪᠡᠯᠡᠳᠬᠡᠮᠵᠢ ᠶᠢ ᠬᠤᠳᠠᠯᠳᠤᠨ ᠠᠪᠤᠨ᠎ᠠ᠃            
ᠢᠷᠡᠯᠲᠡ᠄ ᠬᠠᠩᠭᠢᠨ ᠬᠤᠶᠢᠲᠤ ᠬᠤᠰᠢᠭᠤᠨ ᠤ ᠠᠷᠠᠳ ᠤᠨ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ