7 ᠰᠠᠷ᠎ᠠ ᠶᠢᠨ 9 ᠤ ᠡᠳᠦᠷ᠂ ᠬᠠᠩᠭᠢᠨ ᠬᠤᠶᠢᠲᠤ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠲᠢᠶᠠᠨᠵᠢᠨ ᠤ ᠵᠥᠩ ᠬᠤᠸᠠᠨ ᠰᠢᠨ᠎ᠡ ᠡᠨᠧᠷᠭᠢ ᠶᠢᠨ | ᠬᠢᠵᠠᠭᠠᠷᠲᠤ ᠺᠣᠮᠫᠠᠨᠢ ᠲᠠᠢ ᠪᠠᠶᠠᠨᠨᠠᠭᠤᠷ ᠬᠤᠲᠠ ᠶᠢᠨ ᠡᠯᠡᠰᠦᠷᠬᠡᠭᠵᠢᠯ ᠢ ᠰᠡᠷᠭᠡᠶᠢᠯᠡᠨ ᠡᠯᠡᠰᠦ ᠶᠢ ᠵᠠᠰᠠᠬᠤ ᠪᠠ ᠰᠠᠯᠬᠢᠨ ᠬᠦᠴᠦᠨ ᠬᠡᠷᠡᠯ ᠴᠡᠨᠡᠭ ᠤᠨ ᠨᠢᠭᠡ | ᠴᠣᠭᠴᠠᠵᠢᠭᠰᠠᠨ ᠢᠨᠵᠧᠨᠧᠷᠢᠩ ᠤᠨ ᠬᠠᠩᠭᠢᠨ ᠬᠤᠶᠢᠲᠤ ᠬᠤᠰᠢᠭᠤᠨ ᠤ 30 ᠲᠦᠮᠡᠨ ᠺᠢᠯᠣᠸᠠᠲ ᠤᠨ ᠬᠡᠷᠡᠯ ᠴᠡᠨᠡᠭ ᠤᠨ ᠲᠥᠷᠥᠯ ᠵᠦᠢᠯ ᠤᠨ ᠬᠠᠮᠲᠤᠷᠠᠯᠴᠠᠭᠠᠨ ᠤ | ᠪᠦᠳᠦᠭᠦᠪᠴᠢ ᠵᠥᠪᠯᠡᠯᠴᠡᠭᠡᠷ ᠲᠣᠭᠲᠠᠬᠤ ᠶᠣᠰᠣᠯᠠᠯ ᠶᠠᠪᠤᠭᠤᠯᠪᠠ᠃ | ᠬᠤᠰᠢᠭᠤᠨ ᠤ ᠨᠠᠮ ᠤᠨ ᠬᠤᠷᠢᠶᠠᠨ ᠤ ᠪᠠᠶᠢᠩᠭᠤ ᠶᠢᠨ ᠭᠡᠰᠢᠭᠦᠨ᠂ ᠵᠠᠰᠠᠭ ᠤᠨ ᠣᠷᠳᠣᠨ ᠤ ᠳᠡᠳ᠋ ᠳᠠᠷᠤᠭ᠎ᠠ ᠲᠤᠤ ᠹᠧᠨ ᠱᠠᠨ ᠭᠡᠷ᠎ᠡ ᠲᠣᠭᠲᠠᠬᠤ ᠳᠤ | ᠣᠷᠣᠯᠴᠠᠪᠠ᠃ | | | ᠭᠡᠷ᠎ᠡ ᠲᠣᠭᠲᠠᠬᠤ ᠶᠣᠰᠣᠯᠠᠯ ᠳᠡᠭᠡᠷ᠎ᠡ᠂ ᠲᠢᠶᠠᠨᠵᠢᠨ ᠤ ᠵᠦᠩ ᠬᠤᠸᠠᠨ ᠰᠢᠨ᠎ᠡ ᠡᠨᠧᠷᠭᠢ ᠶᠢᠨ ᠬᠢᠵᠠᠭᠠᠷᠲᠤ ᠺᠣᠮᠫᠠᠨᠢ ᠶᠢᠨ ᠲᠥᠯᠥᠭᠡᠯᠡᠭᠴᠢ ᠠᠵᠤ | ᠠᠬᠤᠶᠢᠯᠠᠯ ᠤᠨ ᠦᠨᠳᠦᠰᠦᠨ ᠪᠠᠶᠢᠳᠠᠯ ᠵᠢᠴᠢ ᠪᠡᠯᠡ ᠣᠷᠣᠭᠤᠯᠤᠯᠲᠠ ᠶᠢᠨ ᠬᠠᠮᠲᠤᠷᠠᠯᠴᠠᠭᠠᠨ ᠤ ᠴᠢᠭᠯᠡᠯ ᠢᠶᠠᠨ ᠲᠠᠨᠢᠯᠴᠠᠭᠤᠯᠤᠭᠰᠠᠨ ᠪᠥᠭᠡᠳ ᠬᠠᠩᠭᠢᠨ ᠬᠤᠶᠢᠲᠤ | ᠬᠤᠰᠢᠭᠤᠨ ᠤ ᠭᠠᠵᠠᠷ ᠵᠦᠶ ᠶᠢᠨ ᠨᠥᠬᠦᠴᠡᠯ᠂ ᠬᠤᠳᠠᠯᠳᠤᠭ᠎ᠠ ᠡᠷᠬᠢᠯᠡᠬᠦ ᠣᠷᠴᠢᠨ ᠨᠥᠬᠦᠴᠡᠯ ᠵᠡᠷᠭᠡ ᠳᠠᠪᠠᠭᠤᠯᠢᠭ ᠢᠯᠡᠳᠲᠡ ᠪᠠᠶᠢᠨ᠎ᠠ ᠭᠡᠵᠦ ᠦᠵᠡᠪᠡ᠃ ᠠᠵᠤ | ᠠᠬᠤᠶᠢᠯᠠᠯ ᠤᠨ ᠬᠢᠨ ᠬᠥᠭᠵᠢᠯᠲᠡ ᠶᠢᠨ ᠣᠶᠢᠯᠠᠭᠠᠭᠳᠠᠬᠤᠨ ᠢ ᠪᠠᠷᠢᠮᠲᠠᠯᠠᠵᠤ᠂ ᠪᠦᠬᠦ ᠲᠠᠯ᠎ᠠ ᠶᠢᠨ᠂ ᠭᠦᠨ ᠳᠠᠪᠬᠤᠷᠭ᠎ᠠ ᠶᠢᠨ ᠪᠠᠶᠢᠯᠳᠤᠬᠤ ᠪᠤᠳᠤᠯᠭ᠎ᠠ ᠶᠢᠨ | ᠬᠠᠮᠲᠤᠷᠠᠯᠴᠠᠭ᠎ᠠ ᠪᠠᠷ ᠳᠠᠮᠵᠢᠭᠤᠯᠵᠤ᠂ ᠬᠠᠩᠭᠢᠨ ᠬᠤᠶᠢᠲᠤ ᠬᠤᠰᠢᠭᠤᠨ ᠳᠤ ᠰᠢᠨ᠎ᠡ ᠬᠥᠭᠵᠢᠯᠲᠡ ᠶᠢᠨ ᠬᠥᠳᠡᠯᠭᠡᠬᠦ ᠬᠦᠴᠦᠨ ᠢ ᠠᠪᠴᠢᠷᠠᠵᠤ᠂ ᠬᠤᠶᠠᠷ | ᠲᠠᠯ᠎ᠠ ᠪᠠᠷ ᠢᠶᠠᠨ ᠬᠠᠷᠢᠯᠴᠠᠨ ᠠᠰᠢᠭᠲᠠᠢ ᠬᠠᠮᠲᠤᠪᠠᠷ ᠠᠰᠢᠭ ᠬᠦᠷᠳᠡᠬᠦ ᠶᠢ ᠪᠡᠶᠡᠯᠡᠭᠦᠯᠦᠨ᠎ᠡ ᠭᠡᠵᠡᠢ᠃ | ᠲᠤᠤ ᠹᠧᠨ ᠱᠠᠨ ᠲᠦᠷᠦᠯ ᠵᠦᠢᠯ ᠤᠨ ᠠᠮᠵᠢᠯᠲᠠ ᠲᠠᠢ ᠭᠡᠷ᠎ᠡ ᠲᠣᠭᠲᠠᠭᠰᠠᠨ ᠳᠤ ᠬᠠᠯᠠᠭᠤᠨ ᠪᠠᠶᠠᠷ ᠬᠦᠷᠭᠡᠪᠡ᠃ ᠲᠡᠷᠡ᠂ ᠲᠤᠰ ᠤᠳᠠᠭ᠎ᠠ ᠶᠢᠨ ᠭᠡᠷ᠎ᠡ | ᠲᠣᠭᠲᠠᠭᠰᠠᠨ ᠶᠠᠪᠤᠳᠠᠯ ᠪᠣᠯ ᠨᠢᠭᠡ ᠤᠳᠠᠭ᠎ᠠ ᠶᠢᠨ ᠬᠠᠷᠢᠯᠴᠠᠨ ᠠᠮᠵᠢᠯᠲᠠ ᠤᠯᠬᠤ ︽ᠬᠤᠣᠰ ᠴᠢᠭᠯᠡᠯ ᠢᠶᠠᠷ ᠴᠢᠷᠮᠠᠶᠢᠬᠤ︾᠂ ᠳᠠᠪᠠᠭᠤᠯᠢᠭ ᠢᠶᠠᠨ ᠬᠠᠷᠢᠯᠴᠠᠨ | ᠨᠥᠬᠦᠪᠦᠷᠢᠯᠡᠬᠦ ︽ᠬᠦᠴᠦᠷᠬᠡᠭ ᠨᠢ ᠬᠦᠴᠦᠷᠬᠡᠭ ᠲᠠᠢ ᠪᠠᠨ ᠬᠤᠯᠪᠣᠭᠠᠯᠠᠬᠤ︾᠂ ᠬᠠᠮᠲᠤᠷᠠᠯᠴᠠᠵᠤ ᠬᠠᠮᠲᠤ ᠪᠠᠷ ᠠᠰᠢᠭ ᠬᠦᠷᠳᠡᠬᠦ ︽ᠴᠣ ᠰᠢᠨ᠎ᠡ ᠠᠶᠠᠯᠠᠯ︾ ᠪᠣᠯᠤᠨ᠎ᠠ᠃ | ᠡᠯ᠎ᠡ ᠬᠤᠯᠪᠣᠭᠳᠠᠯ ᠪᠦᠬᠦᠢ ᠨᠢᠭᠡᠴᠡ ᠶᠢᠨ ᠬᠢᠨ ᠴᠢᠨᠠᠷ ᠰᠠᠶᠢᠲᠠᠢ ᠦᠢᠯᠡᠴᠢᠯᠡᠭᠡ ᠪᠠᠲᠤᠯᠠᠭ᠎ᠠ ᠶᠢᠨ ᠠᠵᠢᠯ ᠢ ᠰᠠᠶᠢᠲᠤᠷ ᠬᠢᠵᠦ᠂ ᠪᠦᠬᠦ ᠬᠦᠴᠦᠨ ᠢᠶᠠᠷ ᠢᠶᠠᠨ ᠲᠦᠷᠦᠯ | ᠵᠦᠢᠯ ᠢ ᠬᠢᠨᠠᠨ ᠵᠥᠪᠰᠢᠶᠡᠷᠡᠬᠦ᠂ ᠪᠣᠳᠠᠲᠠᠢ ᠳᠤ ᠨᠠᠶᠢᠳᠠᠪᠤᠷᠢᠵᠢᠭᠤᠯᠤᠨ ᠪᠦᠳᠦᠭᠡᠨ ᠪᠠᠶᠢᠭᠤᠯᠬᠤ ᠶᠢ ᠪᠠᠲᠤᠯᠠᠵᠤ᠂ ᠲᠡᠷᠢᠭᠦᠨ ᠤ ᠬᠤᠳᠠᠯᠳᠤᠭ᠎ᠠ ᠡᠷᠬᠢᠯᠡᠬᠦ ᠣᠷᠴᠢᠨ | ᠲᠣᠭᠤᠷᠢᠨ ᠢᠶᠠᠷ ᠲᠦᠷᠦᠯ ᠵᠦᠢᠯ ᠢ ᠡᠷᠲᠡ ᠠᠰᠢᠭᠯᠠᠯᠲᠠ ᠳᠤ ᠣᠷᠣᠭᠤᠯᠬᠤ᠂ ᠡᠷᠲᠡ ᠦᠷ᠎ᠡ ᠪᠦᠲᠦᠮᠵᠢ ᠤᠯᠬᠤ ᠶᠢ ᠠᠬᠢᠭᠤᠯᠬᠤ ᠬᠡᠷᠡᠭᠲᠡᠢ ᠭᠡᠵᠦ ᠵᠢᠭᠠᠵᠤ ᠭᠠᠷᠭᠠᠪᠠ | ᠃ | ᠣᠶᠢᠯᠠᠭᠠᠭᠰᠠᠨ ᠢᠶᠠᠷ᠂ ᠲᠣᠰ ᠲᠥᠷᠥᠯ ᠵᠦᠢᠯ ᠤᠨ ᠪᠥᠲᠥᠭᠡᠨ ᠪᠠᠶᠢᠭᠤᠯᠤᠯᠲᠠ ᠶᠢᠨ ᠬᠡᠪᠴᠢᠶ᠎ᠡ 300MW ᠪᠠᠶᠢᠵᠤ᠂ ᠪᠠᠷᠤᠭ 7900 ᠮᠥ ᠭᠠᠵᠠᠷ | ᠬᠡᠷᠡᠭᠯᠡᠬᠦ ᠪᠠᠷ ᠲᠥᠯᠥᠪᠯᠡᠵᠦ᠂ ᠲᠥᠷᠥᠯ ᠵᠦᠢᠯ ᠤᠨ ᠲᠣᠭᠤᠷᠢᠭ ᠤᠨ ᠲᠠᠢ ᠶᠠᠩ ᠮᠢᠶᠣᠣ ᠲᠠᠷᠢᠶᠠᠯᠠᠩ ᠤᠨ ᠲᠠᠯᠠᠪᠠᠶ ᠪᠠ ᠱᠤᠸᠠᠩ ᠮᠢᠶᠣᠣ ᠪᠠᠯᠭᠠᠰᠤ ᠲᠠᠢ | ᠬᠤᠯᠪᠣᠭᠳᠠᠵᠤ᠂ ᠪᠠᠷᠤᠭ 11.9 ᠳ᠋ᠦᠩᠰᠢᠭᠤᠷ ᠲᠥᠭᠦᠷᠢᠭ ᠤᠨ ᠪᠠᠯᠠ ᠣᠷᠣᠭᠤᠯᠬᠤ ᠪᠠᠷ ᠲᠥᠯᠥᠪᠯᠡᠵᠦ ᠪᠣᠶ᠃ ᠬᠠᠩᠭᠢᠨ ᠬᠤᠶᠢᠲᠤ ᠬᠤᠰᠢᠭᠤᠨ ᠤ ᠬᠢᠨ ︽ᠬᠡᠷᠡᠯ | ᠴᠡᠨᠡᠭ ᠤᠨ ᠠᠮᠢ ᠠᠬᠤᠶ ᠶᠢᠨ ᠵᠠᠰᠠᠯᠲᠠ︾ ᠶᠢ ᠨᠢᠭᠡ ᠴᠤᠭᠴᠠᠵᠢᠭᠤᠯᠤᠨ ᠬᠥᠭᠵᠢᠭᠦᠯᠬᠦ ᠵᠠᠭᠪᠤᠷ ᠢ ᠢᠳᠡᠪᠬᠢᠲᠡᠶ ᠪᠠᠷ ᠬᠠᠶᠢᠨ ᠰᠦᠪᠡᠭᠴᠢᠯᠡᠵᠦ᠂ ︽ᠬᠠᠪᠲᠠᠰᠤᠨ | ᠳᠡᠭᠡᠷ᠎ᠡ ᠨᠣᠭᠤᠭᠠᠨ ᠴᠠᠬᠢᠯᠭᠠᠨ᠂ ᠬᠠᠪᠲᠠᠰᠤᠨ ᠳᠣᠤᠷ᠎ᠠ ᠣᠷᠳᠣ ᠨᠣᠭᠤᠭᠠᠨ ᠡᠪᠡᠰᠦ᠂ ᠡᠯᠡᠰᠦᠷᠬᠡᠭ ᠣᠷᠣᠨ ᠢ ᠨᠣᠭᠤᠭᠠᠨ ᠪᠦᠷᠢᠳᠦ ᠪᠣᠯᠭᠠᠨ ᠬᠤᠪᠢᠷᠠᠭᠤᠯᠬᠤ︾ ᠠᠮᠢ | ᠠᠬᠤᠶ ᠶᠢᠨ ᠠᠵᠤ ᠦᠶᠢᠯᠡᠰᠵᠢᠯᠲᠡ ᠶᠢᠨ ᠰᠢᠨ᠎ᠡ ᠠᠷᠭ᠎ᠠ ᠵᠠᠮ ᠢ ᠨᠡᠭᠡᠭᠡᠪᠡ᠃ ᠲᠥᠷᠥᠯ ᠵᠦᠢᠯ ᠪᠠᠶᠢᠭᠤᠯᠤᠭᠳᠠᠭᠰᠠᠨ ᠤ ᠳᠠᠷᠠᠭ᠎ᠠ᠂ ᠵᠢᠯ ᠤᠨ ᠴᠠᠬᠢᠯᠭᠠᠨ ᠭᠠᠷᠭᠠᠬᠤ | ᠬᠡᠮᠵᠢᠶ᠎ᠡ ᠨᠢ 3 ᠳ᠋ᠦᠩᠰᠢᠭᠤᠷ ᠭᠷᠠᠳᠦ᠋ᠰ ᠲᠤ ᠬᠦᠷᠴᠦ᠂ ᠠᠵᠤ ᠦᠢᠯᠡᠰᠵᠢᠭᠦᠯᠦᠨ ᠠᠮᠢ ᠠᠬᠤᠢ ᠶᠢᠨ ᠵᠠᠰᠠᠯᠲᠠ ᠶᠢ ᠡᠰᠡᠷᠭᠦᠴᠡᠵᠦ᠂ ᠠᠵᠤ ᠦᠢᠯᠡᠰ ᠤᠨ ᠬᠥᠭᠵᠢᠯᠲᠡ | ᠬᠢᠭᠡᠳ ᠡᠯᠡᠰᠦᠷᠬᠡᠭᠵᠢᠯ ᠢ ᠰᠡᠷᠭᠡᠶᠢᠯᠡᠨ ᠡᠯᠡᠰᠦ ᠶᠢ ᠵᠠᠰᠠᠬᠤ ᠶᠢ ᠬᠠᠷᠢᠯᠴᠠᠨ ᠠᠬᠢᠭᠤᠯᠤᠭᠰᠠᠨ ︽ᠬᠠᠩᠭᠢᠨ ᠬᠤᠶᠢᠲᠤ ᠬᠤᠰᠢᠭᠤᠨ ᠤ ᠵᠠᠭᠪᠤᠷ︾ ᠢ ᠪᠣᠶ ᠪᠣᠯᠭᠠᠵᠤ᠂ | ᠬᠠᠲᠤᠨ ᠭᠤᠣᠯ ᠤᠨ ︽ᠬᠡᠳᠦᠨ ᠦᠰᠦᠭ︾ ᠤᠨ ᠪᠣᠭᠤᠮᠲᠠ ᠰᠢᠪᠲᠤᠯᠬᠤ ᠳᠠᠶᠢᠯᠠᠯᠳᠤᠭᠠᠨ ᠤ ᠢᠯᠠᠯᠲᠠ ᠶᠢ ᠤᠯᠬᠤ᠂ ︽ᠭᠤᠷᠪᠠᠨ ᠤᠮᠠᠷᠠᠲᠤ︾ ᠶᠢᠨ ᠵᠢᠷᠭᠤᠳᠤᠭᠠᠷ | ᠬᠤᠭᠤᠴᠠᠭᠠᠨ ᠤ ᠢᠨᠵᠧᠨᠧᠷᠢᠩ ᠢ ᠰᠠᠶᠢᠲᠤᠷ ᠬᠡᠷᠡᠭᠵᠢᠭᠦᠯᠵᠦ᠂ ᠮᠠᠨ ᠤ ᠤᠯᠤᠰ ᠤᠨ ᠤᠮᠠᠷᠠᠲᠤ ᠶᠢᠨ ᠴᠢᠬᠤᠯᠠ ᠠᠮᠢ ᠠᠬᠤᠢ ᠶᠢᠨ ᠠᠮᠤᠷ ᠲᠦᠪᠰᠢᠨ ᠤ | ᠬᠠᠯᠬᠠᠪᠴᠢ ᠶᠢ ᠪᠠᠬᠢᠵᠢᠭᠦᠯᠬᠦ ᠳᠤ ᠬᠠᠩᠭᠢᠨ ᠬᠤᠶᠢᠲᠤ ᠬᠤᠰᠢᠭᠤᠨ ᠤ ᠬᠦᠴᠦᠨ ᠴᠢᠳᠠᠯ ᠢᠶᠠᠨ ᠡᠷᠭᠦᠨ᠎ᠡ︕ |