ᠬᠠᠩᠭᠢᠨ ᠬᠤᠶᠢᠲᠤ ᠬᠤᠰᠢᠭᠤᠨ ᠤ ᠪᠠᠶᠢᠭᠠᠯᠢ ᠶᠢᠨ ᠪᠡᠯᠡ ᠣᠷᠣᠭᠤᠯᠤᠯᠲᠠ ᠶᠢᠨ ᠰᠢᠢᠳᠪᠦᠷᠢᠲᠦ ᠥᠰᠥᠭ ︹2020︺ 02 ᠳ᠋ᠤᠭᠠᠷ ᠲᠣᠭᠠᠲᠤ | ᠲᠤᠬᠠᠢ ᠶᠢᠨ ᠬᠥᠮᠦᠨ᠄ ᠥᠪᠥᠷ ᠮᠣᠩᠭᠤᠯ ᠤᠨ ᠰᠢᠩ ᠱᠧᠩ ᠭᠡᠷ ᠪᠠᠶᠢᠰᠢᠩ ᠭᠠᠵᠠᠷ ᠬᠥᠷᠥᠩᠭᠡ ᠶᠢᠨ ᠨᠡᠭᠡᠭᠡᠯᠲᠡ ᠶᠢᠨ ᠬᠢᠵᠠᠭᠠᠷᠲᠤ ᠬᠠᠷᠢᠭᠤᠴᠠᠯᠭᠠᠲᠤ | ᠣᠷᠣᠨ ᠰᠠᠭᠤᠴᠠ ᠪᠠ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠪᠠᠶᠠᠨᠨᠠᠭᠤᠷ ᠬᠤᠲᠠ ᠶᠢᠨ ᠯᠢᠨ ᠾᠧ ᠲᠣᠭᠤᠷᠢᠭ ᠤᠨ ᠴᠢᠯᠦᠭᠡᠯᠡᠯᠲᠡ ᠵᠡᠭᠦᠨ ᠵᠡᠭᠡᠯᠢ᠃ | | ᠨᠢᠭᠡᠳᠦᠯᠲᠡᠶ ᠳᠠᠩᠰᠠᠯᠠᠭᠤᠯᠤᠭᠰᠠᠨ ᠣᠷᠣᠯᠠᠬᠤ ᠨᠣᠮᠧᠷ᠄ 91150802664080250W᠃ | ᠬᠠᠤᠯᠢ ᠪᠠᠷ ᠲᠣᠭᠲᠠᠭᠠᠭᠰᠠᠨ ᠲᠥᠯᠥᠭᠡᠯᠡᠭᠴᠢ᠄ ᠵᠣᠣ ᠰᠢᠩ ᠸᠠᠩ ᠬᠠᠷᠢᠯᠴᠠᠬᠤ ᠤᠲᠠᠰᠤ᠄ 13848848819 | ᠮᠠᠨ ᠤ ᠲᠣᠪᠴᠢᠶ᠎ᠠ 2012 ᠣᠨ ᠤ 7 ᠰᠠᠷ᠎ᠠ ᠶᠢᠨ 2 ᠤᠨ ᠡᠳᠦᠷ ᠲᠠᠨ ᠤ ᠺᠣᠮᠫᠠᠨᠢ ᠲᠠᠢ ︽ᠤᠯᠤᠰ ᠤᠨ ᠥᠮᠴᠢᠯᠡᠯ ᠤᠨ ᠪᠦᠲᠦᠭᠡᠨ ᠪᠠᠶᠢᠭᠤᠯᠤᠯᠲᠠ ᠳᠤ | ᠬᠡᠷᠡᠭᠯᠡᠬᠦ ᠭᠠᠵᠠᠷ ᠤᠨ ᠬᠡᠷᠡᠭᠯᠡᠬᠦ ᠡᠷᠬᠡ ᠶᠢ ᠰᠢᠯᠵᠢᠭᠦᠯᠦᠨ ᠥᠭᠬᠦ ᠭᠡᠷ᠎ᠡ︾ ᠲᠣᠭᠲᠠᠪᠠ᠃ ᠭᠡᠷ᠎ᠡ ᠳᠤ ᠪᠣᠯᠵᠣᠨ ᠲᠣᠭᠲᠠᠭᠰᠠᠨ ᠨᠢ᠄ ᠬᠠᠩᠭᠢᠨ ᠬᠤᠶᠢᠲᠤ ᠬᠤᠰᠢᠭᠤᠨ ᠤ | ᠱᠠᠮᠪᠠ ᠪᠠᠯᠭᠠᠰᠤᠨ ᠤ ᠲᠤᠸᠠᠨ ᠵᠢᠶᠧ ᠵᠡᠭᠡᠯᠢ ᠳᠤ ᠪᠠᠶᠢᠷᠢᠯᠠᠵᠤ᠂ ᠬᠡᠰᠡᠭ ᠭᠠᠵᠠᠷ ᠤᠨ ᠲᠠᠯᠠᠪᠠᠢ ᠨᠢ 21225 ᠲᠡᠭᠰᠢ ᠳᠥᠷᠪᠡᠯᠵᠢᠨ ᠮᠧᠳ᠋ᠷ ᠪᠠᠶᠢᠵᠤ᠂ ᠬᠡᠷᠡᠭᠴᠡᠭᠡ ᠨᠢ | ᠡᠩ ᠤᠨ ᠲᠠᠸᠠᠷ ᠤᠨ ᠣᠷᠣᠨ ᠰᠠᠭᠤᠴᠠ ᠳᠤ ᠬᠡᠷᠡᠭᠯᠡᠬᠦ ᠭᠠᠵᠠᠷ ᠢ ᠲᠠᠨ ᠤ ᠺᠣᠮᠫᠠᠨᠢ ᠳᠤ ᠰᠢᠯᠵᠢᠭᠦᠯᠦᠨ ᠥᠭᠴᠦ᠂ ᠰᠢᠯᠵᠢᠭᠦᠯᠦᠨ ᠥᠭᠭᠦᠭᠰᠡᠨ ᠦᠨ᠎ᠡ ᠨᠢ | 6210000 ᠲᠥᠭᠦᠷᠢᠭ ᠪᠣᠯᠤᠨ᠎ᠠ᠃ ᠲᠦᠯᠦᠪᠦᠷᠢ ᠲᠠᠢ ᠰᠢᠯᠵᠢᠭᠦᠯᠬᠦ ᠦᠨ᠎ᠡ ᠶᠢᠨ ᠵᠣᠭᠤᠰ ᠢ ᠬᠤᠭᠤᠴᠠᠭ᠎ᠠ ᠬᠤᠪᠢᠶᠠᠨ ᠲᠤᠰᠢᠶᠠᠬᠤ ᠠᠷᠭ᠎ᠠ ᠪᠣᠯ ᠨᠢᠭᠡᠳᠦᠭᠡᠷ | ᠬᠤᠭᠤᠴᠠᠭᠠᠨ ᠤ 2012 ᠣᠨ ᠤ 7 ᠰᠠᠷ᠎ᠠ ᠶᠢᠨ 2 ᠤᠨ ᠡᠳᠦᠷ ᠠᠴᠠ ᠡᠮᠦᠨ᠎ᠡ 520 ᠲᠦᠮᠡᠨ ᠲᠥᠭᠦᠷᠢᠭ ᠥᠭᠭᠦᠨ᠎ᠡ︔ ᠬᠤᠶᠠᠳᠤᠭᠠᠷ ᠬᠤᠭᠤᠴᠠᠭᠠᠨ ᠤ | 2012 ᠣᠨ ᠤ 10 ᠰᠠᠷ᠎ᠠ ᠶᠢᠨ 2 ᠤᠨ ᠡᠳᠦᠷ ᠠᠴᠠ ᠡᠮᠦᠨ᠎ᠡ 101 ᠲᠦᠮᠡᠨ ᠲᠥᠭᠦᠷᠢᠭ ᠥᠭᠭᠦᠨ᠎ᠡ᠃ ᠭᠡᠪᠡᠴᠦ ᠴᠢᠨᠦ ᠺᠣᠮᠫᠠᠨᠢ ᠴᠢᠨᠢ ᠭᠡᠷ᠎ᠡ ᠶᠢᠨ ᠪᠣᠯᠵᠣᠯ ᠢ | ᠵᠢᠷᠤᠮᠯᠠᠬᠤ ᠦᠭᠡᠢ᠂ ᠣᠲᠣ ᠪᠣᠯᠲᠠᠯ᠎ᠠ ᠵᠥᠪᠬᠡᠨ 520 ᠲᠦᠮᠡᠨ ᠲᠥᠭᠦᠷᠢᠭ ᠲᠥᠯᠥᠵᠦ᠂ ᠦᠯᠡᠳᠡᠭᠰᠡᠨ 101 ᠲᠦᠮᠡᠨ ᠲᠥᠭᠦᠷᠢᠭ ᠤᠨ ᠮᠠᠨ ᠤ ᠲᠣᠪᠴᠢᠶ᠎ᠠ ᠣᠯᠠᠨ | ᠤᠳᠠᠭ᠎ᠠ ᠰᠢᠬᠠᠯᠳᠤᠵᠤ ᠪᠠᠶᠢᠨ᠎ᠠ᠂ ᠲᠠᠨ ᠤ ᠺᠣᠮᠫᠠᠨᠢ ᠣᠳᠣ ᠪᠣᠯᠲᠠᠯ᠎ᠠ ᠲᠤᠰᠢᠶᠠᠭᠰᠠᠨ ᠦᠭᠡᠢ᠂ ᠨᠢᠭᠡᠨᠲᠡ ᠵᠠᠰᠠᠭ ᠵᠠᠬᠢᠷᠭᠠᠨ ᠤ ᠬᠡᠯᠡᠯᠴᠡᠭᠡᠷ ᠤᠨ ᠭᠡᠷ᠎ᠡ ᠶᠢ | ᠵᠥᠷᠢᠴᠡᠭᠰᠡᠨ ᠬᠡᠷᠡᠭ ᠨᠢᠭᠡᠨᠲᠡ ᠪᠦᠷᠢᠯᠳᠦᠵᠡᠶ᠃ | ᠳᠡᠭᠡᠷ᠎ᠡ ᠳᠤᠷᠠᠳᠤᠭᠰᠠᠨ ᠪᠣᠳᠠᠲᠤ ᠶᠠᠪᠤᠳᠠᠯ ᠳᠤ ᠳᠣᠣᠷᠠᠬᠢ ᠭᠡᠷᠡᠴᠢ ᠪᠠᠷᠢᠮᠲᠠ ᠪᠠᠷ ᠭᠡᠷᠡᠴᠢᠯᠡᠭᠦᠯᠦᠨᠡ : | 1. ᠠᠷᠠᠯᠵᠢᠶ᠎ᠠ ᠪᠦᠲᠦᠭᠰᠡᠨ ᠨᠤᠲᠠᠯᠠᠯᠲᠠ ᠶᠢᠨ ᠪᠢᠴᠢᠭ᠃ | 2. ︽ᠤᠯᠤᠰ ᠤᠨ ᠥᠮᠴᠢᠯᠡᠯ ᠤᠨ ᠪᠦᠲᠦᠭᠡᠨ ᠪᠠᠶᠢᠭᠤᠯᠤᠯᠲᠠ ᠳᠤ ᠬᠡᠷᠡᠭᠯᠡᠬᠦ ᠭᠠᠵᠠᠷ ᠤᠨ ᠬᠡᠷᠡᠭᠯᠡᠬᠦ ᠡᠷᠬᠡ ᠶᠢ ᠰᠢᠯᠵᠢᠭᠦᠯᠦᠨ ᠥᠭᠬᠦ ᠭᠡᠷ᠎ᠡ︾ | ᠮᠠᠨ ᠤ ᠲᠣᠪᠴᠢᠶ᠎ᠠ ᠨᠢᠭᠡᠨᠲᠡ 2024 ᠣᠨ ᠤ 6 ᠰᠠᠷ᠎ᠠ ᠶᠢᠨ 27 ᠤ ᠡᠳᠦᠷ ᠬᠠᠤᠯᠢ ᠶᠣᠰᠣᠭᠠᠷ ᠲᠠᠨ ᠤ ᠺᠣᠮᠫᠠᠨᠢ ᠳᠤ ᠰᠢᠪᠠᠳᠠᠨ ᠮᠡᠳᠡᠭᠳᠡᠬᠦ ᠠᠵᠢᠯ ᠬᠢᠵᠦ᠂ | ᠲᠠᠨ ᠤ ᠺᠣᠮᠫᠠᠨᠢ ᠲᠣᠭᠲᠠᠭᠰᠠᠨ ᠴᠠᠭ ᠤᠨ ᠳᠣᠲᠣᠷ᠎ᠠ ᠲᠣᠭᠠᠴᠢᠯᠲᠠ᠂ ᠲᠣᠳᠣᠷᠬᠠᠶᠢᠯᠠᠬᠤ ᠵᠢᠴᠢ ᠭᠡᠷᠡᠴᠢᠯᠡᠭᠡ ᠰᠣᠨᠣᠰᠬᠤ ᠱᠠᠭᠠᠷᠳᠠᠯᠭ᠎ᠠ ᠳᠤᠷᠠᠳᠤᠭᠰᠠᠨ ᠥᠬᠡᠶ᠃ | ︽ᠪᠥᠬᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠭᠠᠵᠠᠷ ᠰᠢᠷᠣᠶ ᠶᠢᠨ ᠬᠠᠮᠢᠶᠠᠷᠤᠯᠲᠠ ᠶᠢᠨ ᠬᠠᠤᠯᠢ︾ ᠶᠢᠨ ᠲᠠᠪᠢᠨ ᠲᠠᠪᠤᠳᠤᠭᠠᠷ ᠵᠦᠢᠯ ᠤᠨ | ᠨᠢᠭᠡᠳᠦᠭᠡᠷ ᠵᠤᠷᠪᠤᠰ᠂ ︽ᠪᠥᠬᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠵᠠᠰᠠᠭ ᠵᠠᠬᠢᠷᠭᠠᠨ ᠤ ᠵᠠᠷᠭᠤ ᠶᠢᠨ ᠬᠠᠤᠯᠢ︾ ᠶᠢᠨ ᠠᠷᠪᠠᠨ ᠨᠢᠭᠡᠳᠦᠭᠡᠷ ᠵᠦᠢᠯ ᠤᠨ | ᠬᠤᠶᠠᠳᠤᠭᠠᠷ ᠵᠤᠷᠪᠤᠰ᠂ ︽ᠪᠥᠬᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠵᠠᠰᠠᠭ ᠵᠠᠬᠢᠷᠭᠠᠨ ᠤ ᠠᠯᠪᠠᠳᠠᠯᠭ᠎ᠠ ᠶᠢᠨ ᠬᠠᠤᠯᠢ︾ ᠶᠢᠨ ᠭᠤᠴᠢᠨ ᠲᠠᠪᠤᠳᠤᠭᠠᠷ | ᠵᠦᠢᠯ ᠵᠢᠴᠢ ︽ᠵᠠᠰᠠᠭ ᠵᠠᠬᠢᠷᠭᠠᠨ ᠤ ᠬᠡᠯᠡᠯᠴᠡᠭᠡᠷ ᠤᠨ ᠬᠡᠷᠡᠭ ᠢ ᠰᠢᠭᠦᠬᠦ ᠠᠰᠠᠭᠤᠳᠠᠯ ᠤᠳ ᠤᠨ ᠲᠤᠬᠠᠶ ᠠᠷᠠᠳ ᠤᠨ ᠳᠡᠭᠡᠳᠦ ᠰᠢᠭᠦᠬᠦ ᠬᠤᠷᠢᠶ᠎ᠠ ᠶᠢᠨ ᠲᠣᠭᠲᠠᠭᠠᠯ︾ | ︵ᠬᠠᠤᠯᠢ ᠲᠠᠶᠢᠯᠪᠤᠷᠢ ︹2019︺ 17 ᠳ᠋ᠤᠭᠠᠷ ᠲᠣᠭᠠᠲᠤ︶ ᠤᠨ ᠬᠤᠷᠢᠨ ᠳᠥᠷᠪᠡᠳᠦᠭᠡᠷ ᠵᠦᠢᠯ ᠤᠨ ᠨᠢᠭᠡᠳᠦᠭᠡᠷ ᠵᠤᠷᠪᠤᠰ ᠤᠨ ᠲᠣᠭᠲᠠᠭᠠᠯ ᠢ ᠦᠨᠳᠦᠰᠦᠯᠡᠨ᠂ | ᠡᠳᠦᠭᠡ ᠮᠠᠨ ᠤ ᠲᠣᠪᠴᠢᠶ᠎ᠠ ᠬᠠᠤᠯᠢ ᠶᠣᠰᠣᠭᠠᠷ ᠲᠠᠨ ᠤ ᠺᠣᠮᠫᠠᠨᠢ ᠳᠤ ᠳᠣᠤᠷᠠᠬᠢ ᠮᠡᠲᠦ ᠲᠣᠭᠲᠠᠭᠠᠯ ᠭᠠᠷᠭᠠᠪᠠ᠄ | 1᠂ ᠲᠠᠨ ᠤ ᠺᠣᠮᠫᠠᠨᠢ ᠲᠤᠰ ᠲᠣᠭᠲᠠᠭᠠᠯ ᠤᠨ ᠪᠢᠴᠢᠭ ᠢ ᠣᠯᠤᠭᠰᠠᠨ ᠡᠳᠦᠷ ᠤᠨ ᠢᠶᠠᠨ 10 ᠤ ᠡᠳᠦᠷ ᠤᠨ ᠳᠣᠲᠣᠷ᠎ᠠ 101 ᠲᠦᠮᠡᠨ ᠲᠥᠭᠦᠷᠢᠭ ᠤᠨ | ᠭᠠᠵᠠᠷ ᠱᠢᠷᠣᠢ ᠶᠢ ᠱᠢᠯᠵᠢᠭᠦᠯᠦᠨ ᠥᠭᠬᠦ ᠥᠩᠭᠦ ᠬᠢᠭᠡᠳ ᠭᠡᠷ᠎ᠡ ᠳᠤ ᠪᠣᠯᠵᠣᠨ ᠲᠣᠭᠲᠠᠭᠰᠠᠨ ᠭᠡᠷ᠎ᠡ ᠶᠢ ᠵᠥᠷᠢᠴᠡᠭᠰᠡᠨ ᠥᠩᠭᠦ ︵ᠭᠡᠷ᠎ᠡ ᠶᠢ ᠵᠥᠷᠢᠴᠡᠭᠰᠡᠨ ᠥᠩᠭᠦ ᠶᠢ | ᠲᠤᠱᠢᠶᠠᠭᠰᠠᠨ ᠵᠣᠭᠤᠰᠤᠨ ᠵᠦᠢᠯ ᠢ 1 ‰ ᠤ ᠪᠠᠷᠢᠮᠵᠢᠶ᠎ᠠ ᠪᠠᠷ ᠡᠳᠦᠷ ᠪᠦᠷᠢ ᠨᠡᠮᠡᠵᠦ ᠬᠤᠷᠢᠶᠠᠨ᠎ᠠ᠂ ᠲᠤᠱᠢᠶᠠᠬᠤ ᠪᠠᠨ ᠤᠳᠠᠭᠠᠱᠢᠷᠠᠭᠤᠯᠤᠭᠰᠠᠨ ᠡᠳᠦᠷ ᠠᠴᠠ | ᠡᠬᠢᠯᠡᠨ ᠪᠣᠳᠠᠲᠠᠢ ᠵᠣᠭᠤᠰ ᠲᠤᠱᠢᠶᠠᠬᠤ ᠡᠳᠦᠷ ᠪᠣᠯᠭᠠᠨ᠎ᠠ︶᠃ | 2. ᠰᠢᠯᠵᠢᠭᠦᠯᠦᠨ ᠥᠭᠭᠦᠭᠰᠡᠨ ᠮᠥᠩᠭᠦ ᠵᠢᠴᠢ ᠭᠡᠷ᠎ᠡ ᠶᠢ ᠵᠥᠷᠢᠴᠡᠭᠰᠡᠨ ᠮᠥᠩᠭᠦ ᠶᠢ ᠲᠤᠰᠢᠶᠠᠬᠤ ᠠᠷᠭ᠎ᠠ᠄ ᠤᠯᠤᠰ ᠤᠨ ᠭᠠᠶᠢᠯᠢ ᠶᠢᠨ ᠶᠠᠪᠤᠳᠠᠯ ᠤᠨ ᠶᠡᠷᠦᠩᠬᠡᠶ | ᠲᠣᠪᠴᠢᠶ᠎ᠠ ᠶᠢᠨ ᠬᠠᠩᠭᠢᠨ ᠬᠤᠶᠢᠲᠤ ᠬᠤᠰᠢᠭᠤᠨ ᠤ ᠭᠠᠶᠢᠯᠢ ᠶᠢᠨ ᠶᠠᠪᠤᠳᠠᠯ ᠤᠨ ᠲᠣᠪᠴᠢᠶ᠎ᠠ ︵ᠵᠠᠰᠠᠭ ᠤᠨ ᠶᠠᠪᠤᠳᠠᠯ ᠤᠨ ᠶᠡᠭᠡ ᠲᠢᠩᠬᠢᠮ︶ ᠳᠤ ᠬᠦᠷᠴᠦ ᠵᠣᠭᠤᠰ | ᠲᠤᠰᠢᠶᠠᠬᠤ ᠪᠠᠷ ᠮᠡᠳᠡᠭᠦᠯᠦᠨ᠎ᠡ᠃ | ᠲᠤᠰ ᠲᠣᠭᠲᠠᠭᠠᠯ ᠤᠨ ᠪᠢᠴᠢᠭ ᠢ ᠬᠦᠷᠭᠡᠭᠰᠡᠨ ᠲᠤᠬᠠᠢ ᠶᠢᠨ ᠬᠦᠮᠦᠨ ᠨᠢ ᠳᠠᠷᠤᠢ ᠬᠠᠤᠯᠢ ᠶᠢᠨ ᠬᠦᠴᠦᠨᠲᠡᠢ ᠪᠣᠯᠤᠨ᠎ᠠ᠃ ᠲᠠᠨ ᠤ ᠺᠣᠮᠫᠠᠨᠢ ᠬᠡᠷᠪᠡ ᠲᠣᠰ | ᠰᠢᠢᠳᠬᠡᠯ ᠤᠨ ᠲᠣᠭᠲᠠᠭᠠᠯ ᠢ ᠬᠦᠯᠢᠶᠡᠬᠦ ᠦᠭᠡᠢ ᠪᠣᠯ ᠲᠣᠰ ᠰᠢᠢᠳᠬᠡᠯ ᠤᠨ ᠲᠣᠭᠲᠠᠭᠠᠯ ᠤᠨ ᠪᠢᠴᠢᠭ ᠢ ᠣᠯᠤᠭᠰᠠᠨ ᠡᠳᠦᠷ ᠠᠴᠠ ᠡᠬᠢᠯᠡᠨ ᠵᠢᠷᠠᠨ ᠡᠳᠦᠷ ᠤᠨ | ᠳᠣᠲᠣᠷ᠎ᠠ ᠬᠠᠩᠭᠢᠨ ᠬᠤᠶᠢᠲᠤ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠳᠤ ᠬᠠᠤᠯᠢ ᠶᠣᠰᠣᠭᠠᠷ ᠳᠠᠬᠢᠨ ᠵᠥᠪᠯᠡᠭᠦᠯᠬᠦ ᠪᠠᠷ ᠭᠤᠶᠤᠴᠢᠯᠠᠬᠤ ᠪᠤᠶᠤ ᠵᠢᠷᠭᠤᠭᠠᠨ | ᠰᠠᠷ᠎ᠠ ᠶᠢᠨ ᠳᠣᠲᠣᠷ᠎ᠠ ᠬᠠᠤᠯᠢ ᠶᠣᠰᠣᠭᠠᠷ ᠬᠠᠩᠭᠢᠨ ᠬᠤᠶᠢᠲᠤ ᠬᠤᠰᠢᠭᠤᠨ ᠤ ᠠᠷᠠᠳ ᠤᠨ ᠰᠢᠭᠦᠬᠦ ᠬᠤᠷᠢᠶ᠎ᠠ ᠳᠤ ᠵᠠᠭᠠᠯᠳᠤᠵᠤ ᠪᠣᠯᠤᠨ᠎ᠠ᠃ ᠬᠠᠤᠯᠢ ᠪᠠᠷ | ᠲᠣᠭᠲᠠᠭᠠᠭᠰᠠᠨ ᠬᠤᠭᠤᠴᠠᠭᠠᠨ ᠳᠣᠲᠣᠷ᠎ᠠ ᠵᠠᠰᠠᠭ ᠵᠠᠬᠢᠷᠭᠠᠨ ᠢᠶᠠᠷ ᠳᠠᠬᠢᠨ ᠵᠥᠪᠯᠡᠭᠦᠯᠬᠦ ᠪᠠᠷ ᠭᠤᠶᠤᠴᠢᠯᠠᠬᠤ ᠦᠭᠡᠢ ᠪᠤᠶᠤ ᠵᠠᠰᠠᠭ ᠵᠠᠬᠢᠷᠭᠠᠨ ᠤ ᠵᠠᠷᠭᠤ ᠬᠢᠬᠦ ᠦᠭᠡᠢ | ᠪᠥᠭᠡᠳ ᠲᠤᠰ ᠲᠣᠭᠲᠠᠭᠠᠯ ᠢ ᠪᠠᠰᠠ ᠭᠦᠢᠴᠡᠳᠬᠡᠬᠦ ᠦᠭᠡᠢ ᠪᠠᠶᠢᠪᠠᠯ᠂ ᠮᠠᠨ ᠤ ᠲᠣᠪᠴᠢᠶ᠎ᠠ ᠬᠠᠤᠯᠢ ᠶᠣᠰᠣᠭᠠᠷ ᠠᠷᠠᠳ ᠤᠨ ᠰᠢᠭᠦᠬᠦ ᠬᠤᠷᠢᠶᠠᠨ ᠳᠤ ᠠᠯᠪᠠᠳᠠᠨ | ᠭᠦᠢᠴᠡᠳᠬᠡᠭᠦᠯᠬᠦ ᠪᠠᠷ ᠭᠤᠶᠤᠴᠢᠯᠠᠨ᠎ᠠ᠃ | ᠬᠠᠷᠢᠯᠴᠠᠬᠤ ᠬᠥᠮᠦᠨ᠄ ᠭᠤᠤ ᠵᠢᠶᠠᠨ᠂ ᠪᠠᠶ ᠵᠢᠩ | ᠤᠲᠠᠰᠤ᠄ 18847885677 | ᠬᠠᠶ᠋ᠢᠭ᠄ ᠬᠠᠩᠭᠢᠨ ᠬᠤᠶᠢᠲᠤ ᠬᠤᠰᠢᠭᠤᠨ ᠤ ᠱᠠᠮᠪᠠ ᠪᠠᠯᠭᠠᠰᠤᠨ ᠤ ᠡᠮᠦᠨ᠎ᠡ ᠲᠣᠭᠤᠷᠢᠯ ᠪᠠᠷᠠᠭᠤᠨ ᠵᠠᠮ | | | | | | | ᠬᠠᠩᠭᠢᠨ ᠬᠤᠶᠢᠲᠤ ᠬᠤᠰᠢᠭᠤᠨ ᠤ ᠪᠠᠶᠢᠭᠠᠯᠢ ᠶᠢᠨ ᠡᠬᠢ ᠪᠠᠶᠠᠯᠢᠭ ᠤᠨ ᠲᠣᠪᠴᠢᠶ᠎ᠠ | 2024 ᠣᠨ ᠤ 7 ᠰᠠᠷ᠎ᠠ ᠶᠢᠨ 24 ᠤ ᠡᠳᠦᠷ | |