ᠬᠠᠩᠭᠢᠨ ᠬᠤᠶᠢᠲᠤ ᠬᠤᠰᠢᠭᠤ ᠶᠢ ᠴᠢᠨᠠᠷ ᠰᠠᠶᠢᠲᠠᠶ ᠬᠥᠭᠵᠢᠭᠦᠯᠬᠦ ᠳᠤ᠂ ᠱᠠ ᠬᠠᠶ ᠪᠠᠯᠭᠠᠰᠤ᠄ ᠯᠠᠵᠤᠤ ᠪᠠᠶᠠᠵᠢᠯ ᠤᠨ ᠵᠠᠮ ᠤᠨ ᠠᠵᠤ ᠦᠢᠯᠡᠰ ᠬᠥᠭᠵᠢᠨ ᠮᠠᠨᠳᠤᠵᠤ ᠣᠷᠣᠯᠭ᠎ᠠ ᠪᠠᠨ ᠨᠡᠮᠡᠭᠳᠡᠭᠦᠯᠬᠦ ᠶᠢ ᠠᠬᠢᠭᠤᠯᠤᠨ᠎ᠠ
ᠨᠡᠶᠢᠲᠡᠯᠡᠭᠰᠡᠨ ᠴᠠᠭ᠄
2024/8/8
      ᠱᠠ ᠬᠠᠶ ᠪᠠᠯᠭᠠᠰᠤ ᠯᠠᠵᠤᠤ ᠶᠢᠨ ᠠᠵᠤ ᠦᠢᠯᠡᠰ ᠢ ᠪᠥᠬᠦ ᠪᠠᠯᠭᠠᠰᠤᠨ ᠤ ᠭᠤᠤᠯᠯᠠᠬᠤ ᠠᠵᠤ ᠦᠢᠯᠡᠰ ᠪᠠ ᠲᠤᠯᠭᠠᠭᠤᠷᠢ ᠠᠵᠤ  ᠦᠢᠯᠡᠰ ᠪᠣᠯᠭᠠᠨ ᠪᠤᠶᠢᠵᠢᠭᠤᠯᠤᠨ ᠬᠥᠭᠵᠢᠭᠦᠯᠵᠦ᠂ ᠯᠠᠵᠤᠤ ᠳᠠᠷᠢᠬᠤ ᠨᠢ ᠨᠢᠭᠡᠨᠲᠡ ᠳᠠᠷᠢᠬᠤ᠂ ᠪᠣᠷᠣᠯᠠᠭᠤᠯᠬᠤ᠂ ᠡᠳ᠋ᠰᠢᠭᠦᠯᠬᠦ ᠪᠠ ᠬᠠᠳᠠᠭᠠᠯᠠᠵᠤ ᠵᠥᠭᠡᠭᠡᠪᠦᠷᠢᠯᠡᠬᠦ ᠶᠢ ᠨᠢᠭᠡ ᠴᠣᠭᠴᠠᠵᠢᠭᠤᠯᠤᠭᠰᠠᠨ ᠲᠣᠰ ᠭᠠᠵᠠᠷ ᠣᠷᠣᠨ ᠤ ᠪᠠᠨ ᠠᠵᠤ ᠦᠢᠯᠡᠰ ᠤᠨ ᠬᠡᠯᠬᠢᠶ᠎ᠡ ᠶᠢ ᠪᠦᠷᠢᠯᠳᠦᠭᠦᠯᠵᠦ᠂ ᠲᠣᠰᠬᠤᠨ ᠤ ᠬᠠᠮᠲᠤ ᠶᠢᠨ ᠠᠵᠤ ᠠᠬᠤᠶ ᠶᠢᠨ ᠣᠷᠣᠯᠭ᠎ᠠ ᠶᠢ ᠨᠡᠮᠡᠭᠳᠡᠭᠦᠯᠬᠦ᠂ ᠲᠠᠷᠢᠶᠠᠴᠢᠳ ᠤᠨ ᠣᠷᠣᠯᠭ᠎ᠠ ᠶᠢ ᠨᠡᠮᠡᠭᠳᠡᠭᠦᠯᠬᠦ ᠶᠢ ᠳᠠᠶᠢᠴᠢᠯᠠᠬᠤ᠂ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠳᠤ ᠪᠠᠲᠤ ᠪᠠᠬᠢ ᠰᠠᠭᠤᠷᠢ ᠶᠢ ᠲᠠᠯᠪᠢᠭᠰᠠᠨ ᠪᠠᠶᠢᠨ᠎ᠠ᠃
W020240808337899592568.jpg
      ᠣᠳᠣᠬᠠᠨ ᠳᠤ ᠯᠠᠵᠤᠤ ᠶᠢᠨ ᠤᠷᠭᠤᠯᠲᠠ ᠶᠢᠨ ᠰᠢᠵᠢᠷ ᠠᠯᠲᠠᠨ ᠦᠶ᠎ᠡ ᠪᠣᠯᠤᠨ᠎ᠠ᠃ ᠱᠠ ᠬᠠᠢ ᠪᠠᠯᠭᠠᠰᠤᠨ ᠤ ᠰᠢᠨ ᠬᠤᠩ ᠢᠳᠡᠰᠢᠨ ᠨᠣᠭᠤᠭ᠎ᠠ ᠲᠠᠷᠢᠬᠤ ᠲᠤᠰᠬᠠᠢ ᠬᠤᠷᠰᠢᠶ᠎ᠠ ᠶᠢᠨ ᠯᠠᠵᠤᠤ ᠲᠠᠷᠢᠬᠤ ᠰᠠᠭᠤᠷᠢᠨ ᠳᠤ ᠬᠦᠷᠴᠦ᠂ ᠲᠠᠷᠢᠶᠠᠨ ᠭᠠᠵᠠᠷ ᠲᠤ ᠦᠩᠭᠡ ᠢᠯᠭᠠᠷᠠᠭᠰᠠᠨ ᠯᠠᠵᠤᠤ ᠳᠦᠭᠦᠷᠴᠦ᠂ ᠤᠷᠭᠤᠴᠠ ᠨᠢ ᠬᠥᠮᠦᠨ ᠢ ᠪᠠᠶᠠᠰᠬᠠᠨ᠎ᠠ᠃ ᠡᠨᠡ ᠵᠢᠯ᠂ ᠰᠢᠨ ᠬᠤᠩ ᠲᠣᠰᠬᠤᠨ ᠤ ᠯᠠᠵᠤᠤ ᠶᠢᠨ ᠠᠵᠤ ᠦᠢᠯᠡᠰ ᠤᠨ ᠬᠥᠭᠵᠢᠯᠲᠡ ᠶᠢᠨ ᠬᠠᠨᠳᠤᠰᠢ ᠴᠢᠩᠭ᠎ᠠ ᠪᠣᠯᠵᠤ᠂ ᠲᠤᠬᠠᠢ ᠶᠢᠨ ᠭᠠᠵᠠᠷ ᠤᠨ ᠲᠠᠷᠢᠶᠠᠴᠢᠳ ᠲᠤ ᠣᠷᠣᠯᠭ᠎ᠠ ᠪᠠᠨ ᠨᠡᠮᠡᠭᠳᠡᠭᠦᠯᠦᠨ ᠪᠠᠶᠠᠵᠢᠬᠤ ᠵᠠᠮ ᠳᠡᠪᠢᠰᠦᠭᠰᠡᠨ ᠪᠠᠶᠢᠨ᠎ᠠ᠃      ᠱᠠ ᠬᠠᠢ ᠪᠠᠯᠭᠠᠰᠤᠨ ᠤ ᠱᠢᠨ ᠬᠤᠩ ᠲᠣᠰᠭᠤᠨ ᠤ ᠵᠣᠣ ᠷᠦᠨ ᠬᠤᠸᠠᠨ      ᠪᠢ ᠨᠡᠶᠢᠲᠡ 13.5 ᠮᠦ ᠭᠠᠵᠠᠷ ᠲᠠᠢ ᠪᠠᠶᠢᠵᠤ᠂ ᠮᠦ ᠪᠦᠷᠢ 1600 ᠲᠥᠭᠦᠷᠢᠭ ᠢᠶᠠᠷ ᠬᠤᠷᠰᠢᠶᠠᠨ ᠳᠤ ᠰᠢᠯᠵᠢᠭᠦᠯᠦᠨ ᠥᠭᠴᠦ᠂ ᠪᠠᠰᠠ ᠬᠤᠷᠰᠢᠶ᠎ᠠ ᠳᠤ ᠬᠦᠴᠦ ᠶᠠᠪᠤᠵᠤ᠂ ᠨᠢᠭᠡ ᠡᠳᠦᠷ ᠠᠵᠢᠯᠯᠠᠪᠠᠯ ᠨᠢᠭᠡ ᠡᠳᠦᠷ ᠤᠨ ᠴᠠᠯᠢᠩ ᠣᠯᠵᠤ᠂ ᠨᠢᠭᠡ ᠡᠳᠦᠷ 200 ᠲᠥᠭᠦᠷᠢᠭ ᠠᠵᠢᠯᠯᠠᠵᠤ ᠳᠡᠶᠢᠯᠬᠦ ᠨᠢ ᠭᠤᠷᠪᠠᠨ ᠰᠠᠷ᠎ᠠ ᠣᠷᠴᠢᠮ ᠪᠠᠶᠢᠵᠤ᠂ ᠨᠢᠭᠡ ᠵᠢᠯ ᠳᠤ 2 ᠲᠦᠮᠡᠨ ᠲᠥᠭᠦᠷᠢᠭ ᠨᠡᠮᠡᠭᠳᠡᠵᠦ᠂ ᠮᠠᠨ ᠤ ᠭᠡᠷ ᠪᠦᠯᠢ ᠳᠤ ᠠᠪᠴᠤ ᠬᠡᠯᠡᠪᠡᠯ ᠪᠠᠭ᠎ᠠ ᠪᠤᠰᠤ ᠣᠷᠣᠯᠭ᠎ᠠ ᠪᠣᠯᠤᠨ᠎ᠠ᠃      ᠠᠵᠤ ᠦᠢᠯᠡᠰ ᠤᠨ ᠪᠦᠲᠦᠴᠡ ᠲᠠᠩ ᠴᠤᠯᠭᠤᠢ᠂ ᠲᠠᠷᠢᠶᠠᠴᠢᠳ ᠤᠨ ᠣᠷᠣᠯᠭ᠎ᠠ ᠳᠣᠤᠷ᠎ᠠ ᠪᠠᠶᠢᠬᠤ ᠪᠠᠶᠢᠳᠠᠯ ᠢ ᠬᠤᠪᠢᠷᠠᠭᠤᠯᠬᠤ ᠶᠢᠨ ᠲᠥᠯᠥᠭᠡ᠂ ᠰᠢᠨ ᠬᠤᠩ ᠲᠣᠰᠬᠤᠨ ᠤ ᠬᠤᠶᠠᠷ ᠵᠥᠪᠯᠡᠯ ᠢᠳᠡᠪᠬᠢᠲᠡᠢ ᠬᠠᠶᠢᠨ ᠰᠦᠪᠡᠭᠴᠢᠯᠡᠵᠦ᠂ ᠴᠢᠨᠠᠷ ᠰᠠᠶᠢᠲᠠᠶ ᠯᠠᠵᠤᠤ ᠶᠢᠨ ᠲᠥᠷᠥᠯ ᠵᠦᠢᠯ ᠢ ᠣᠷᠣᠭᠤᠯᠤᠨ ᠠᠪᠴᠢᠷᠠᠵᠤ᠂ ᠲᠣᠰᠬᠤᠨ ᠤ ᠠᠷᠠᠳ ᠢ ᠬᠥᠲᠥᠯᠥᠨ ᠵᠢᠯᠣᠭᠤᠳᠴᠤ ᠶᠡᠭᠡ ᠬᠡᠪᠴᠢᠶ᠎ᠡ ᠪᠠᠷ ᠲᠠᠷᠢᠭᠤᠯᠪᠠ᠃ 2021 ᠣᠨ ᠳᠤ᠂ ᠯᠠᠵᠤᠤ ᠳᠠᠷᠢᠬᠤ ᠲᠠᠯᠠᠪᠠᠶ ᠶᠢ ᠨᠡᠶᠢᠲᠡ 5000 ᠮᠥ ᠬᠥᠭᠵᠢᠭᠦᠯᠵᠦ᠂ ᠮᠥ ᠪᠦᠷᠢ ᠶᠢᠨ ᠳᠤᠮᠳᠠᠴᠢ ᠣᠷᠣᠯᠭ᠎ᠠ ᠶᠢ 6000 ᠲᠥᠭᠦᠷᠢᠭ ᠲᠤ ᠬᠦᠷᠦᠭᠦᠯᠬᠦ ᠶᠢᠨ ᠬᠠᠮᠲᠤ ᠭᠤᠷᠪᠠᠨ ᠵᠢᠯ ᠤᠨ ᠳᠠᠶᠢᠴᠢᠯᠠᠯᠲᠠ ᠪᠠᠷ ᠳᠠᠮᠵᠢᠭᠤᠯᠤᠨ᠂ ᠣᠲᠣ ᠨᠢᠭᠡᠨᠲᠡ ᠳᠠᠷᠢᠬᠤ ᠬᠡᠪᠴᠢᠶ᠎ᠡ ᠶᠢ 1 ᠲᠦᠮᠡᠨ ᠮᠥ ᠪᠣᠯᠲᠠᠯ᠎ᠠ ᠥᠷᠭᠡᠳᠬᠡᠵᠦ᠂ ᠪᠥᠬᠦ ᠲᠣᠰᠬᠤᠨ ᠤ ᠲᠠᠷᠢᠶᠠᠴᠢᠨ ᠡᠷᠦᠬᠡ ᠶᠢ ᠤᠯᠠᠮ ᠨᠢᠭᠡ ᠠᠯᠬᠤᠮ ᠳᠠᠶᠢᠴᠢᠯᠠᠨ ᠣᠷᠣᠯᠭ᠎ᠠ ᠶᠢ ᠨᠢ ᠨᠡᠮᠡᠭᠳᠡᠭᠦᠯᠦᠨ ᠪᠠᠶᠠᠵᠢᠭᠤᠯᠪᠠ᠃
W020240808337899623074.jpg
      ᠱᠠ ᠬᠠᠶ ᠪᠠᠯᠭᠠᠰᠤᠨ ᠤ ᠰᠢᠨ ᠬᠤᠩ ᠲᠣᠰᠬᠤᠨ ᠤ ᠨᠠᠮ ᠤᠨ ᠡᠭᠦᠷ ᠤᠨ ᠱᠦᠵᠢ ᠯᠢᠶᠠᠨ ᠸᠧᠶ ᠵᠥᠩ      ᠲᠠᠷᠢᠬᠤ ᠠᠴᠠ ᠬᠤᠷᠢᠶᠠᠬᠤ ᠪᠣᠯᠲᠠᠯ᠎ᠠ ᠨᠡᠯᠢᠶᠡᠳ ᠣᠯᠠᠨ ᠬᠥᠳᠡᠯᠮᠦᠷᠢ ᠬᠦᠴᠦ ᠱᠠᠭᠠᠷᠳᠠᠭᠳᠠᠨ᠎ᠠ᠃ ᠯᠠᠵᠤᠤ ᠲᠠᠷᠢᠬᠤ ᠨᠢ ᠲᠠᠷᠢᠶᠠᠴᠢᠨ ᠡᠷᠦᠬᠡ ᠶᠢᠨ ᠵᠢᠯ ᠪᠦᠷᠢ ᠮᠦ ᠪᠦᠷᠢ ᠳᠤ 1000 ᠲᠥᠭᠦᠷᠢᠭ ᠠᠴᠠ ᠳᠡᠭᠡᠭᠰᠢᠬᠢ ᠣᠷᠣᠯᠭ᠎ᠠ ᠶᠢ ᠨᠡᠮᠡᠭᠳᠡᠭᠦᠯᠵᠦ᠂ ᠬᠤᠷᠰᠢᠶᠠᠨ ᠳᠤ ᠤᠷᠳᠤ ᠬᠤᠭᠤᠴᠠᠭ᠎ᠠ ᠪᠠᠷ ᠨᠢᠭᠡ ᠵᠢᠯ ᠤᠨ ᠣᠷᠣᠯᠭ᠎ᠠ 1 ᠲᠦᠮᠡᠨ ᠲᠥᠭᠦᠷᠢᠭ ᠠᠴᠠ ᠳᠡᠭᠡᠭᠰᠢ ᠪᠠᠶᠢᠵᠤ᠂ ᠣᠬᠤᠷ ᠬᠤᠭᠤᠴᠠᠭᠠᠨ ᠤ ᠠᠵᠢᠯᠴᠢᠨ 3000 ᠲᠥᠭᠦᠷᠢᠭ ᠠᠴᠠ ᠳᠡᠭᠡᠭᠰᠢ ᠴᠤ ᠲᠣᠰᠬᠤᠨ ᠳᠤ 20 ᠭᠠᠷᠤᠢ ᠲᠦᠮᠡᠨ ᠲᠥᠭᠦᠷᠢᠭ ᠤᠨ ᠲᠣᠰᠬᠤᠨ ᠤ ᠬᠠᠮᠲᠤ ᠶᠢᠨ ᠠᠵᠤ ᠠᠬᠤᠢ ᠶᠢᠨ ᠣᠷᠣᠯᠭ᠎ᠠ ᠶᠢ ᠡᠭᠦᠳᠴᠦ ᠴᠢᠳᠠᠨ᠎ᠠ᠃      ᠯᠠᠵᠤᠤ ᠶᠢᠨ ᠠᠵᠤ ᠦᠢᠯᠡᠰ ᠤᠨ ᠦᠷᠭᠦᠯᠵᠢᠯᠡᠬᠦ ᠬᠥᠭᠵᠢᠯᠲᠡ ᠶᠢ ᠪᠠᠲᠤᠯᠠᠬᠤ ᠶᠢᠨ ᠲᠥᠯᠥᠭᠡ᠂ ᠰᠢᠨ ᠬᠤᠩ ᠲᠣᠰᠬᠤᠨ ᠳᠤ ᠰᠢᠨ ᠬᠤᠩ ᠢᠳᠡᠰᠢᠨ ᠨᠣᠭᠤᠭ᠎ᠠ ᠲᠠᠷᠢᠬᠤ ᠲᠤᠰᠬᠠᠢ ᠬᠤᠷᠰᠢᠶ᠎ᠠ ᠪᠠᠶᠢᠭᠤᠯᠵᠤ᠂ ᠯᠠᠵᠤᠤ ᠶᠢᠨ ᠪᠣᠷᠤᠯᠠᠭᠤᠯᠭ᠎ᠠ ᠶᠢᠨ ᠵᠠᠮ ᠢ ᠵᠣᠪᠠᠭ᠋ᠤ ᠦᠭᠡᠢ ᠪᠣᠯᠪᠠ᠃ ᠡᠭᠦᠨ ᠤ ᠬᠠᠮᠲᠤ ᠪᠠᠰᠠ ᠬᠤᠷᠰᠢᠶ᠎ᠠ ᠳᠤ ᠲᠦᠰᠢᠭᠯᠡᠨ ᠯᠠᠵᠤᠤ ᠵᠢᠶᠠᠩᠨᠠᠭᠰᠠᠨ ᠦᠢᠯᠡᠳᠪᠦᠷᠢ ᠪᠠᠶᠢᠭᠤᠯᠵᠤ᠂ ᠯᠠᠵᠤᠤ ᠶᠢ ᠨᠠᠷᠢᠯᠢᠭ ᠡᠳ᠋ᠰᠢᠭᠦᠯᠵᠦ᠂ ᠵᠠᠬᠢᠶᠠᠯᠠᠭ᠎ᠠ ᠪᠠᠷ ᠯᠠᠵᠤᠤ ᠶᠢᠨ ᠵᠢᠶᠠᠩ ᠦᠢᠯᠡᠳᠪᠦᠷᠢᠯᠡᠵᠦ᠂ ᠡᠭᠦᠨ ᠤ ᠳᠡᠭᠡᠷ᠎ᠡ ᠰᠢᠨ᠎ᠡ ᠯᠠᠵᠤᠤ ᠶᠢᠨ ᠪᠦᠲᠦᠭᠡᠭᠳᠡᠬᠦᠨ ᠢ ᠨᠡᠮᠡᠵᠦ᠂ ᠵᠢᠯ ᠤᠨ ᠦᠢᠯᠡᠳᠪᠦᠷᠢᠯᠡᠯ ᠤᠨ ᠬᠡᠮᠵᠢᠶ᠎ᠡ ᠨᠢ 1.5 ᠲᠦᠮᠡᠨ ᠲᠣᠨ ᠳᠤ ᠬᠦᠷᠴᠦ᠂ ᠵᠢᠯ ᠤᠨ ᠣᠷᠣᠯᠭ᠎ᠠ ᠨᠢ 50 ᠲᠦᠮᠡᠨ ᠲᠥᠭᠦᠷᠢᠭ ᠲᠤ ᠬᠦᠷᠴᠦ᠂ ᠲᠣᠰᠬᠤᠨ ᠤ ᠱᠠᠲᠤᠨ ᠤ ᠬᠠᠮᠲᠤ ᠶᠢᠨ ᠠᠵᠤ ᠠᠬᠤᠢ ᠶᠢᠨ ᠣᠷᠣᠯᠭ᠎ᠠ ᠨᠢ 21.8 ᠲᠦᠮᠡᠨ ᠲᠥᠭᠦᠷᠢᠭ ᠲᠤ ᠬᠦᠷᠴᠡᠢ᠃ ᠡᠨᠡ ᠵᠢᠯ 5000 ᠲᠣᠨ ᠯᠠᠵᠤᠤ ᠵᠢᠶᠠᠩ ᠦᠢᠯᠡᠳᠴᠦ᠂ ᠰᠧᠴᠤᠸᠠᠨ ᠤ ᠴᠢ ᠰᠢᠶᠠᠨ ᠵᠡᠷᠭᠡ ᠭᠠᠵᠠᠷ ᠲᠤ ᠪᠣᠷᠣᠯᠠᠭᠤᠯᠬᠤ ᠪᠠᠷ ᠲᠥᠯᠥᠪᠯᠡᠵᠦ᠂ ᠯᠠᠵᠤᠤ ᠶᠢᠨ ᠦᠢᠯᠡᠳᠬᠦᠨ ᠤ ᠨᠡᠮᠡᠯᠲᠡ ᠥᠷᠲᠡᠭ ᠢ ᠳᠡᠭᠡᠭᠰᠢᠯᠡᠭᠦᠯᠵᠦ᠂ ᠲᠠᠷᠢᠶᠠᠴᠢᠳ ᠤᠨ ᠣᠷᠣᠯᠭ᠎ᠠ ᠶᠢ ᠤᠯᠠᠮ ᠨᠢᠭᠡ ᠠᠯᠬᠤᠮ ᠨᠡᠮᠡᠭᠳᠡᠭᠦᠯᠪᠡ᠃
ᠢᠷᠡᠯᠲᠡ᠄ ᠬᠠᠩᠭᠢᠨ ᠬᠤᠶᠢᠲᠤ ᠬᠤᠰᠢᠭᠤᠨ ᠤ ᠠᠷᠠᠳ ᠤᠨ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ