| | | 8 ᠰᠠᠷ᠎ᠠ ᠶᠢᠨ 13 ᠤ ᠡᠳᠦᠷ᠂ ︽ᠳᠠᠭᠤᠤ ᠬᠥᠭᠵᠢᠮ ᠲᠠᠯ᠎ᠠ ᠨᠤᠲᠤᠭ ᠠᠴᠠ ᠢᠷᠡᠬᠦ︾ ᠵᠢᠴᠢ ︽ᠱᠠᠮᠪᠠ ᠶᠢᠨ ᠦᠨᠦᠷ ᠠᠮᠲᠠ︾ ᠳᠠᠭᠤᠤ ᠬᠥᠭᠵᠢᠮ ᠤᠨ | ᠨᠠᠶᠢᠷ ᠦᠷᠭᠦᠯᠵᠢᠯᠡᠨ ᠶᠠᠪᠤᠭᠳᠠᠵᠤ᠂ ᠭᠤᠶᠢᠳᠠ ᠰᠠᠶᠢᠬᠠᠨ ᠪᠣᠯᠵᠤ ᠪᠠᠶᠢᠨ᠎ᠠ᠃ | | | | ᠡᠷᠲᠡᠨ ᠤ ᠱᠠᠮᠪᠠ ᠪᠠᠯᠭᠠᠰᠤᠨ ᠳᠤ᠂ ᠨᠢᠭᠡ ᠠᠶᠠᠭ᠎ᠠ ᠭᠤᠯᠢᠷ ᠤᠨ ᠣᠬᠢ᠂ ᠮᠢᠬ᠎ᠠ ᠲᠠᠢ ᠬᠠᠭᠰᠠᠭᠠᠮᠠᠯ ᠪᠣᠣᠪᠤ ᠰᠢᠢᠳᠪᠦᠷᠢᠯᠡᠵᠦ ᠳᠡᠶᠢᠯᠬᠦ ᠦᠭᠡᠢ ᠶᠠᠭᠤᠮ᠎ᠠ | ᠭᠡᠵᠦ ᠪᠠᠶᠢᠬᠤ ᠦᠭᠡᠢ᠂ ᠬᠡᠷᠪᠡ ᠪᠠᠶᠢᠬᠤ ᠳᠤ ᠬᠥᠷᠪᠡᠯ ᠳᠠᠬᠢᠨ ᠨᠢᠭᠡ ᠠᠶᠠᠭ᠎ᠠ ᠠᠪᠤᠨ ᠳᠠᠬᠢᠨ ᠨᠢᠭᠡ ᠠᠮᠠ ᠠᠪᠴᠤ ᠢᠳᠡᠶ᠎ᠡ︕ ᠠᠮᠲᠠᠲᠠᠢ ᠥᠷᠭᠡᠰᠦᠲᠦ | ᠬᠡᠮᠬᠡ ᠶᠢᠨ ᠰᠢᠷᠬᠡᠭ᠂ ᠰᠠᠷᠮᠢᠰᠤᠨ ᠤ ᠤᠰᠤ᠂ ᠼᠤᠣ᠂ ᠵᠢᠶᠠᠩᠶ᠋ᠢᠤ᠂ ᠳᠠᠪᠤᠰᠤ ᠵᠡᠷᠭᠡ ᠠᠮᠲᠠ ᠪᠠᠷ ᠠᠮᠲᠠᠲᠠᠢ᠂ ᠬᠠᠮᠤᠭ ᠰᠡᠭᠦᠯ ᠤᠨ ᠰᠦᠭ ᠰᠦᠨᠡᠰᠦ ᠨᠢ ᠯᠠᠪ ᠲᠡᠷᠡ | ᠰᠢᠨᠠᠭ᠎ᠠ ᠠᠮᠲᠠᠲᠤ ᠯᠠᠵᠤᠤ ᠲᠣᠰᠣ ᠪᠠᠶᠢᠵᠤ᠂ ᠨᠢᠭᠡ ᠰᠢᠨᠠᠭ᠎ᠠ ᠠᠮᠲᠠ ᠲᠣᠬᠢᠷᠠᠭᠤᠯᠤᠭᠴᠢ᠂ ᠪᠠᠰᠠ ᠨᠢᠭᠡ ᠠᠮᠲᠠᠲᠤ ᠮᠢᠬ᠎ᠠ ᠲᠠᠢ ᠬᠠᠭᠰᠠᠭᠠᠮᠠᠯ ᠪᠣᠣᠪᠤ ᠲᠤᠬᠢᠷᠠᠭᠤᠯᠪᠠᠯ᠂ | ᠪᠠᠶᠠᠷ ᠪᠠᠶᠠᠰᠬᠤᠯᠠᠩ ᠭᠡᠵᠦ ᠡᠶᠢᠮᠦ ᠯᠠ ᠠᠮᠠᠷᠬᠠᠨ ᠁ ︽ᠱᠠᠮᠪᠠ ᠶᠢᠨ ᠦᠨᠦᠷ ᠠᠮᠲᠠ︾ ᠭᠡᠬᠦ ᠳᠠᠭᠤᠤ ᠬᠥᠭᠵᠢᠮ ᠤᠨ ᠲᠤᠬᠠᠢ ᠱᠢᠷᠢᠰ ᠠᠵᠢᠯᠯᠠᠭ᠎ᠠ ᠳᠡᠭᠡᠷ᠎ᠡ᠂ | ︽ᠱᠠᠮᠪᠠ︾ ᠶᠢᠨ ᠣᠨᠴᠠᠯᠢᠭᠲᠤ ᠭᠤᠯᠢᠷ ᠤᠨ ᠣᠬᠢ᠂ ᠮᠢᠬ᠎ᠠ ᠲᠠᠢ ᠬᠠᠭᠰᠠᠭᠠᠮᠠᠯ ᠪᠣᠣᠪᠤ ᠲᠣᠭᠤᠭᠠᠨ ᠭᠡᠷ ᠤᠨ ᠤᠷᠠᠯᠢᠭ ᠲᠠᠢ ᠠᠳᠠᠯᠢᠳᠭᠠᠵᠤ᠂ ᠨᠢᠭᠡ ᠤᠳᠠᠭᠠᠨ ᠤ | ᠦᠪᠡᠳᠡᠭᠰᠢ ᠶᠡᠭᠡ ︽ᠭᠤᠯᠢᠷ ᠤᠨ ᠣᠬᠢ ᠮᠢᠬ᠎ᠠ ᠲᠠᠢ ᠬᠠᠭᠰᠠᠭᠠᠮᠠᠯ ᠪᠣᠣᠪᠤ ᠶᠢᠨ ᠦᠪᠡᠳᠡᠭᠰᠢ ᠶᠡᠭᠡ ᠳᠠᠢᠯᠠᠯᠭ᠎ᠠ︾ ᠳᠤ ᠲᠤᠭ᠎ᠠ ᠲᠣᠮᠠᠰᠢ ᠦᠭᠡᠢ ᠣᠯᠠᠨ ᠢᠳᠡᠭᠡᠨ ᠤ | ᠵᠣᠴᠢᠳ ᠢ ︽ᠠᠷᠠᠭᠠᠨ ᠰᠢᠯᠦᠰᠦ ᠭᠤᠭᠤᠵᠢᠭᠤᠯᠤᠨ ᠰᠠᠨᠠᠭ᠎ᠠ ᠶᠢ ᠬᠦᠳᠡᠯᠭᠡᠵᠦ︾ ᠡᠨᠡ ᠤᠳᠠᠭᠠᠨ ᠤ ᠠᠵᠢᠯᠯᠠᠭ᠎ᠠ ᠨᠢ ᠦᠨᠳᠦᠷ ᠶᠡᠭᠡ ᠬᠥᠭᠵᠢᠶᠡᠨ ᠳᠤ | ᠬᠦᠷᠭᠡᠭᠰᠡᠨ ᠪᠠᠶᠢᠨ᠎ᠠ᠃ | | | | | | | ᠠᠳᠠᠯᠢ ᠲᠡᠭᠰᠢ ᠮᠥᠷᠦᠶᠢᠴᠡᠭᠡᠨ ᠤ ᠳᠤᠮᠳᠠ᠂ 12 ᠠᠳᠠᠯᠢ ᠲᠥᠷᠥᠯ ᠤᠨ ᠢᠳᠡᠭᠡᠨ ᠤᠮᠳᠠᠭᠠᠨ ᠤ ᠳᠡᠯᠭᠡᠭᠦᠷ ᠢ ᠰᠣᠩᠭᠤᠨ ᠮᠥᠷᠦᠶᠢᠴᠡᠭᠡᠨ ᠳᠤ | ᠣᠷᠣᠯᠴᠠᠭᠤᠯᠵᠤ᠂ ᠨᠢᠭᠡ ᠤᠳᠠᠭᠠᠨ ᠤ ᠬᠤᠷᠴᠠ ᠰᠢᠷᠤᠭᠦᠨ ᠮᠥᠷᠦᠶᠢᠴᠡᠭᠡᠨ ᠶᠠᠪᠤᠭᠳᠠᠭᠤᠯᠪᠠ᠃ ᠤᠷᠤᠯᠳᠤᠭᠠᠨ ᠨᠢ ᠭᠤᠯᠢᠷ ᠤᠨ ᠣᠬᠢ ᠤ ᠲᠣᠭᠤᠭᠠᠴᠢ ᠶᠢᠨ | ᠤᠷᠠᠯᠢᠭ ᠤᠨ ᠲᠣᠮᠣ ᠮᠥᠷᠦ᠋ᠢᠴᠡᠭᠡᠨ ᠪᠠ ᠮᠢᠬ᠎ᠠ ᠲᠠᠢ ᠬᠠᠭᠰᠠᠭᠠᠮᠠᠯ ᠪᠣᠣᠪᠤ ᠶᠢᠨ ᠲᠣᠭᠤᠭᠠᠴᠢ ᠶᠢᠨ ᠤᠷ᠎ᠠ ᠮᠡᠷᠭᠡᠵᠢᠯ ᠭᠡᠬᠦ ᠬᠤᠶᠠᠷ ᠶᠡᠭᠡ ᠲᠥᠷᠥᠯ ᠤᠨ ᠮᠥᠷᠦᠶᠢᠴᠡᠭᠡᠨ | ᠬᠢᠵᠦ᠂ ᠡᠭᠦᠨ ᠳᠤ ᠭᠤᠯᠢᠷ ᠤᠨ ᠣᠬᠢ ᠤ ᠲᠣᠭᠤᠭᠠᠴᠢ ᠶᠢᠨ ᠤᠷ᠎ᠠ ᠮᠡᠷᠭᠡᠵᠢᠯ ᠤᠨ ᠲᠠᠯ᠎ᠠ ᠪᠠᠷ ᠨᠡᠶᠢᠲᠡ 8 ᠲᠣᠭᠤᠭᠠᠴᠢᠳ ᠣᠷᠣᠯᠴᠠᠵᠤ᠂ ᠮᠢᠬ᠎ᠠ ᠲᠠᠢ ᠬᠠᠭᠰᠠᠭᠠᠮᠠᠯ | ᠪᠣᠣᠪᠤ ᠤᠨ ᠲᠣᠭᠤᠭᠠᠴᠢ ᠶᠢᠨ ᠤᠷ᠎ᠠ ᠮᠡᠷᠭᠡᠵᠢᠯ ᠤᠨ ᠲᠠᠯ᠎ᠠ ᠪᠠᠷ ᠨᠡᠶᠢᠲᠡ 4 ᠲᠣᠭᠤᠭᠠᠴᠢᠳ ᠤᠷᠤᠯᠳᠤᠭᠠᠨ ᠳᠤ ᠣᠷᠣᠯᠴᠠᠪᠠ᠃ ᠤᠷᠤᠯᠳᠤᠭᠠᠨ ᠳᠤ ᠣᠷᠣᠯᠴᠠᠭᠰᠠᠨ | ᠲᠤᠭᠤᠭᠠᠴᠢᠳ ᠡᠮᠬᠢ ᠵᠠᠮᠪᠠᠷᠠᠭ᠎ᠠ ᠲᠠᠢ᠂ ᠶᠠᠭᠠᠷᠠᠤ ᠰᠠᠨᠳᠤᠷᠤᠤ ᠪᠣᠯᠪᠠᠴᠤ ᠡᠮᠬᠢ ᠵᠠᠮᠪᠠᠷᠠᠭ᠎ᠠ ᠲᠠᠢ ᠪᠠᠶᠢᠵᠤ᠂ ᠬᠤᠶᠢᠨ᠎ᠠ ᠬᠤᠶᠢᠨ᠎ᠠ ᠠᠴᠠ ᠪᠠᠨ ᠤᠷ᠎ᠠ ᠮᠡᠷᠭᠡᠵᠢᠯ ᠢᠶᠠᠨ | ᠭᠠᠷᠭᠠᠵᠤ᠂ ᠥᠪᠡᠷ ᠥᠪᠡᠷ ᠤᠨ ᠴᠢᠳᠠᠪᠤᠷᠢ ᠪᠠᠨ ᠭᠠᠶᠢᠬᠠᠭᠤᠯᠵᠤ᠂ ᠤᠳᠠᠯ ᠦᠭᠡᠢ ᠰᠦᠷ ᠠᠮᠲᠠᠲᠠᠢ᠂ ᠱᠥᠯᠥ ᠪᠠᠷ ᠵᠤᠵᠠᠭᠠᠨ᠂ ᠦᠵᠡᠭᠰᠡᠨ ᠴᠤ ᠠᠮᠲᠠ ᠶᠢ ᠨᠢ | ᠣᠯᠬᠤ ᠨᠢᠭᠡ ᠨᠢᠭᠡ ᠠᠶᠠᠭ᠎ᠠ ᠭᠤᠯᠢᠷ ᠤᠨ ᠣᠬᠢ ᠤᠳ ᠰᠢᠷᠡᠭᠡᠨ ᠳᠡᠭᠡᠷ᠎ᠡ ᠢᠯᠡᠷᠡᠭᠦᠯᠪᠡ᠃ ᠮᠢᠬ᠎ᠠ ᠲᠠᠢ ᠬᠠᠭᠰᠠᠭᠠᠮᠠᠯ ᠪᠣᠣᠪᠤ ᠤᠨ ᠮᠥᠷᠦᠶᠢᠴᠡᠭᠡᠨ ᠤ ᠶᠠᠪᠤᠴᠠ ᠳᠤ᠂ | ᠪᠣᠣᠪᠤ ᠨᠢ ᠪᠦᠳᠦᠭᠦᠨ᠂ ᠬᠠᠷ᠎ᠠ ᠮᠢᠬ᠎ᠠ ᠨᠢ ᠠᠷᠪᠢᠨ ᠪᠣᠤᠪᠤ ᠨᠢ ᠵᠦᠭᠡᠯᠡᠨ ᠮᠥᠷᠲᠡᠭᠡᠨ ᠠᠮᠲᠠᠲᠠᠢ᠂ ᠲᠣᠰᠣ ᠲᠠᠢ ᠪᠣᠯᠪᠠᠴᠤ ᠨᠢᠯᠠᠭᠤᠨ ᠪᠢᠰᠢ᠂ ᠬᠠᠵᠠᠬᠤ ᠠᠴᠠ | ᠰᠠᠶᠢᠬᠠᠨ ᠠᠮᠲᠠ ᠦᠨᠦᠷ ᠲᠠᠢ᠃ | | | | | | ᠬᠦᠳᠡᠯᠭᠡᠭᠡᠨ ᠤ ᠲᠠᠯᠠᠪᠠᠢ ᠳᠤ ᠣᠯᠠᠨ ᠬᠦᠮᠦᠰ ᠬᠤᠷᠠᠨ ᠴᠤᠭᠯᠠᠷᠠᠵᠤ᠂ ᠬᠥᠷ ᠬᠥᠭᠵᠢᠶᠡᠨ ᠢᠶᠠᠷ ᠪᠢᠯᠬᠠᠵᠤ᠂ ᠴᠥᠭᠡᠨ ᠪᠤᠰᠤ ᠬᠤᠳᠠ ᠶᠢᠨ ᠠᠷᠠᠳ | ᠭᠤᠯᠢᠷ ᠤᠨ ᠣᠬᠢ ᠪᠠ ᠮᠢᠬ᠎ᠠ ᠲᠠᠢ ᠬᠠᠭᠰᠠᠭᠠᠮᠠᠯ ᠪᠣᠣᠪᠤ ᠶᠢᠨ ᠭᠤᠶᠤ ᠰᠠᠶᠢᠬᠠᠨ ᠢ ᠣᠯᠵᠤ ᠬᠠᠷᠠᠨ᠂ ᠬᠥᠮᠦᠨ ᠪᠦᠬᠦᠨ ᠤ ᠨᠢᠭᠤᠷ ᠳᠤ ᠴᠥᠮ ᠪᠠᠶᠠᠷ ᠤᠨ ᠴᠢᠷᠠᠢ | ᠲᠤᠳᠤᠷᠠᠵᠤ᠂ ᠭᠤᠯᠢᠷ ᠤᠨ ᠣᠬᠢ ᠪᠠ ᠮᠢᠬ᠎ᠠ ᠲᠠᠢ ᠬᠠᠭᠰᠠᠭᠠᠮᠠᠯ ᠪᠣᠣᠪᠤ ᠨᠢ ᠱᠠᠮᠪᠠ ᠶᠢᠨ ᠬᠥᠮᠦᠰ ᠤᠨ ᠰᠡᠳᠬᠢᠯ ᠳᠤ ᠮᠠᠰᠢ ᠴᠢᠬᠤᠯᠠ ᠪᠠᠶᠢᠷᠢ ᠰᠠᠭᠤᠷᠢ ᠲᠠᠢ | ᠪᠤᠯᠤᠭᠰᠠᠨ ᠪᠠᠶᠢᠨ᠎ᠠ᠃ ᠬᠤᠷᠴᠠ ᠰᠢᠷᠦᠭᠦᠨ ᠥᠷᠢᠰᠥᠯᠳᠦᠭᠡᠨ ᠢᠶᠠᠷ ᠳᠠᠮᠵᠢᠭᠠᠳ᠂ ᠬᠠᠮᠤᠭ ᠡᠴᠦᠰ ᠲᠤ ᠲᠥᠯᠥᠭᠡᠯᠡᠬᠦ ᠴᠢᠨᠠᠷᠲᠠᠶ ᠭᠤᠯᠢᠷ ᠤᠨ ᠣᠬᠢ ᠪᠠ ᠮᠢᠬ᠎ᠠ ᠲᠠᠢ | ᠬᠠᠭᠰᠠᠭᠠᠮᠠᠯ ᠪᠣᠣᠪᠤ ᠨᠢᠭᠡᠳᠦᠭᠡᠷ ᠬᠤᠶᠠᠳᠤᠭᠠᠷ ᠭᠤᠷᠪᠠᠳᠤᠭᠠᠷ ᠳᠡᠰ ᠤᠨ ᠱᠠᠩᠨᠠᠯ ᠪᠠ ᠰᠢᠯᠢᠳᠡᠭ ᠱᠠᠩᠨᠠᠯ ᠢ ᠰᠢᠯᠭᠠᠷᠠᠭᠤᠯᠪᠠ᠃ | ᠳ᠋ᠦᠩ ᠰᠢᠶᠠ ᠭᠤᠯᠢᠷ ᠤᠨ ᠣᠬᠢ ᠵᠠᠩ ᠳ᠋ᠦᠩ ᠰᠢᠶᠠ | ᠥᠨᠥᠳᠥᠷ ᠮᠠᠨ ᠤ ᠳᠡᠯᠭᠡᠭᠦᠷ ᠭᠤᠯᠢᠷ ᠤᠨ ᠣᠬᠢ ᠶᠢᠨ ᠮᠥᠷᠦᠶᠢᠴᠡᠭᠡᠨ ᠳᠤ ᠨᠢᠭᠡᠳᠦᠭᠡᠷ ᠲᠡᠰ ᠲᠤ ᠤᠷᠤᠭᠰᠠᠨ ᠳᠤ ᠮᠠᠰᠢ ᠶᠡᠭᠡ ᠪᠠᠶᠠᠷ ᠲᠠᠢ ᠪᠠᠶᠢᠨ᠎ᠠ᠃ | ᠮᠠᠨ ᠤ ᠳᠡᠯᠭᠡᠭᠦᠷ ᠤᠨ ᠭᠤᠯᠢᠷ ᠤᠨ ᠣᠬᠢ ᠤ ᠢᠳᠡᠰᠢᠨ ᠨᠣᠭᠤᠭ᠎ᠠ ᠪᠠ ᠯᠠᠵᠤᠤ ᠨᠢ ᠪᠦᠷ ᠥᠪᠡᠷ ᠢᠶᠠᠨ ᠲᠠᠷᠢᠭᠰᠠᠨ ᠨᠤᠭᠤᠭ᠎ᠠ ᠶᠤᠮ᠂ ᠡᠭᠦᠨ ᠤ ᠳᠡᠭᠡᠷ᠎ᠡ ᠲᠤᠰ | ᠭᠠᠵᠠᠷ ᠤᠨ ᠪᠣᠷᠣᠳᠣᠬᠤᠢ ᠶᠢᠨ ᠪᠤᠭᠤᠳᠠᠢ ᠪᠠᠷ ᠬᠢᠭᠰᠡᠨ ᠭᠤᠯᠢᠷ ᠨᠢ ᠠᠩᠬᠢᠯᠤᠮ᠎ᠠ ᠰᠠᠶᠢᠬᠠᠨ ᠦᠨᠦᠷ ᠬᠠᠩᠬᠤᠯᠵᠤ᠂ ᠬᠡᠷᠡᠭᠯᠡᠭᠰᠡᠨ ᠱᠥᠯᠥ ᠨᠢ ᠠᠷᠪᠠᠨ ᠬᠡᠳᠦᠨ ᠵᠢᠯ | ᠨᠠᠷᠢᠨ ᠨᠢᠮᠪᠠᠶ ᠰᠤᠳᠤᠯᠤᠨ ᠦᠢᠯᠡᠳᠴᠦ ᠭᠠᠷᠭᠠᠭᠰᠠᠨ ᠶᠤᠮ᠂ ᠣᠯᠠᠨ ᠢᠶᠠᠷ ᠢᠶᠠᠨ ᠢᠷᠡᠵᠦ ᠠᠮᠲᠠᠯᠠᠬᠤ ᠶᠢ ᠪᠠᠶᠠᠷᠯᠠᠨ ᠤᠭᠲᠤᠵᠤ ᠪᠠᠶᠢᠨ᠎ᠠ᠃ | | | | | | ᠠᠵᠢᠯᠯᠠᠭ᠎ᠠ ᠶᠢᠨ ᠲᠤᠬᠠᠶ ᠶᠢᠨ ᠲᠠᠯᠠᠪᠠᠶ ᠳᠤ᠂ ᠬᠤᠰᠢᠭᠤᠨ ᠤ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ ᠱᠠᠮᠪᠠ ᠪᠠᠯᠭᠠᠰᠤᠨ ᠤ ᠴᠠᠩ | ᠰᠢᠶᠠᠩ ᠯᠤᠤ ᠠᠮᠲᠠ ᠶᠢᠨ ᠳᠡᠯᠭᠡᠭᠦᠷ᠂ ᠱᠠᠮᠪᠠ ᠪᠠᠯᠭᠠᠰᠤᠨ ᠤ ᠵᠠᠩ ᠰᠢᠶᠤᠤ ᠫᠧᠩ ᠮᠢᠬ᠎ᠠ ᠲᠠᠢ ᠬᠠᠭᠰᠠᠭᠠᠮᠠᠯ ᠪᠣᠣᠪᠤ ᠶᠢᠨ ᠭᠤᠸᠠᠨᠰᠠᠨ᠂ ᠮᠠᠶ ᠰᠢᠶᠠᠩ ᠶᠤᠸᠠᠨ | ᠭᠤᠯᠢᠷ ᠤᠨ ᠣᠬᠢ ᠶᠢᠨ ᠳᠡᠯᠭᠡᠭᠦᠷ ᠵᠡᠷᠭᠡ 22 ︽ᠱᠠᠮᠪᠠ ᠶᠢᠨ ᠦᠨᠦᠷ ᠠᠮᠲᠠ︾ ᠠᠮᠲᠠᠲᠤ ᠢᠳᠡᠭᠡᠨ ᠤ ᠳᠡᠯᠭᠡᠭᠦᠷ ᠲᠤ ᠫᠠᠶᠢᠰᠠ ᠣᠯᠭᠤᠵᠤ ᠬᠥᠬᠢᠭᠦᠯᠦᠨ | ᠰᠠᠶᠢᠰᠢᠶᠠᠪᠠ᠃ | ᠠᠮᠲᠠᠲᠤ ᠠᠷᠢᠬᠢᠨ ᠤ ᠦᠢᠯᠡᠳᠭᠦᠨ ᠢᠶᠠᠨ ᠰᠢᠯᠭᠠᠨ ᠦᠨᠡᠯᠡᠬᠦ ᠭᠤᠭᠴᠤᠭ᠎ᠠ ᠳᠤ᠂ ᠪᠣᠷᠣᠲᠣᠬᠤᠶ ᠠᠷᠢᠬᠢᠨ ᠤ ᠦᠢᠯᠡᠰ ᠤᠨ ᠠᠵᠤ ᠠᠬᠤᠶᠢᠯᠠᠯ ᠤᠨ ᠰᠣᠶᠣᠯ ᠤᠨ | ᠤᠬᠠᠭᠤᠯᠭ᠎ᠠ ᠶᠢ ᠰᠣᠨᠣᠰᠤᠭᠰᠠᠨ ᠤ ᠳᠠᠷᠠᠭ᠎ᠠ᠂ ᠣᠯᠠᠨ ᠢᠶᠠᠷ ᠢᠶᠠᠨ ᠠᠷᠢᠬᠢ ᠠᠮᠲᠠᠯᠠᠬᠤ ᠲᠣᠭᠤᠷᠢᠭ ᠲᠤ ᠬᠦᠷᠴᠦ ᠠᠮᠲᠠᠯᠠᠵᠤ᠂ ᠡᠯ᠎ᠡ ᠲᠥᠷᠥᠯ ᠤᠨ ᠠᠩᠬᠢᠯᠤᠮ᠎ᠠ | ᠰᠠᠶᠢᠬᠠᠨ ᠦᠨᠦᠷ ᠬᠠᠩᠬᠤᠯᠵᠤ᠂ ᠨᠠᠷᠢᠨ ᠪᠠᠶᠢᠳᠠᠯ ᠢ ᠨᠢ ᠬᠢᠨᠠᠨ ᠣᠶᠢᠯᠠᠭᠠᠪᠠ᠃ ᠲᠡᠳᠡ᠂ ᠪᠣᠷᠣᠲᠣᠬᠤᠢ ᠶᠢᠨ ᠠᠷᠢᠬᠢᠨ ᠤ ᠦᠢᠯᠡᠰ ᠢ ᠨᠡᠩ ᠪᠦᠬᠦ ᠲᠠᠯ᠎ᠠ ᠪᠠᠷ | ᠭᠦᠨᠵᠡᠭᠡᠢ ᠣᠶᠢᠯᠠᠭᠠᠵᠤ᠂ ᠤᠯᠠᠮᠵᠢᠯᠠᠯᠲᠤ ᠠᠷᠢᠬᠢ ᠨᠡᠷᠡᠬᠦ ᠤᠷ᠎ᠠ ᠮᠡᠷᠭᠡᠵᠢᠯ ᠤᠨ ᠰᠢᠨ᠎ᠡ ᠡᠭᠦᠳᠦᠯᠲᠡ ᠶᠢ ᠣᠶᠢᠯᠠᠭᠠᠪᠠ᠃ ᠰᠣᠶᠣᠯ ᠵᠢᠭᠤᠯᠴᠢᠯᠠᠯ ᠤᠨ | ᠲᠠᠨᠢᠯᠴᠠᠭᠤᠯᠭ᠎ᠠ ᠨᠢ ᠬᠠᠩᠭᠢᠨ ᠬᠤᠶᠢᠲᠤ ᠬᠤᠰᠢᠭᠤᠨ ᠤ ᠵᠢᠭᠤᠯᠴᠢᠯᠠᠯ ᠤᠨ ᠡᠬᠢ ᠪᠠᠶᠠᠯᠢᠭ ᠪᠠ ᠭᠦᠨ ᠵᠤᠵᠠᠭᠠᠨ ᠰᠣᠶᠣᠯ ᠤᠨ ᠠᠭᠤᠯᠬᠤᠨ ᠢ ᠳᠡᠯᠭᠡᠨ ᠦᠵᠡᠭᠦᠯᠪᠡ᠃ | ᠥᠩᠭᠡᠲᠦ ᠳ᠋ᠧᠩ ᠭᠢᠯᠠᠯᠵᠠᠨ᠂ ᠲᠠᠶᠢᠰᠠᠨ ᠳᠡᠭᠡᠷᠡᠬᠢ ᠦᠩᠭᠡᠲᠦ ᠭᠡᠷᠡᠯ ᠰᠠᠴᠤᠷᠠᠨ᠂ ᠤᠶᠠᠩᠭᠠᠲᠤ ᠳᠠᠭᠤᠤ ᠴᠤᠤᠷᠢᠶᠠᠲᠤᠨ᠂ ᠬᠠᠶᠢᠷ᠎ᠠ ᠶᠢᠨ ᠳᠠᠭᠤᠤ | ᠲᠠᠶᠢᠰᠠᠨ ᠳᠤ ᠰᠠᠳᠭᠢᠯ ᠤᠶᠠᠷᠠᠮ᠎ᠠ ᠳᠠᠭᠤᠯᠠᠵᠤ᠂ ᠤᠶᠠᠩᠭᠠᠲᠤ ᠳᠠᠭᠤᠤ ᠬᠦᠭᠵᠢᠮ ᠢᠶᠠᠷ ᠠᠬᠤᠢ ᠲᠠᠯᠠᠪᠠᠢ ᠶᠢ ᠬᠥᠭᠵᠢᠭᠡᠪᠡ᠃ ︽ᠬᠠᠶᠢᠷ᠎ᠠ ᠰᠡᠳᠬᠢᠯᠭᠡ ᠶᠢᠨ | ᠳᠠᠭᠤᠤ ᠶᠢ ᠲᠠᠯ᠎ᠠ ᠨᠤᠲᠤᠭ ᠲᠤ ᠳᠠᠭᠤᠯᠠᠶ᠎ᠠ︾ ᠵᠡᠷᠭᠡ ᠳᠠᠭᠤᠤ ᠲᠤᠬᠠᠢ ᠶᠢᠨ ᠲᠠᠯᠠᠪᠠᠢ ᠶᠢᠨ ᠦᠵᠡᠭᠴᠢᠳ ᠢ ᠰᠣᠭᠲᠣᠭᠤᠷᠠᠭᠤᠯᠪᠠ᠃ ︽ᠦᠵᠡᠰᠭᠦᠯᠡᠩᠲᠦ ᠰᠠᠢᠬᠠᠨ | ᠮᠣᠩᠭᠤᠯ ᠭᠡᠷ︾ ᠤᠨ ᠲᠠᠨᠢᠯ ᠳᠠᠰᠤᠯ ᠳᠠᠭᠤᠤ ᠬᠥᠭᠵᠢᠮ ᠢ ᠳᠠᠭᠠᠯᠳᠤᠨ᠂ ᠲᠤᠬᠠᠢ ᠶᠢᠨ ᠲᠠᠯᠠᠪᠠᠢ ᠶᠢᠨ ᠦᠵᠡᠭᠴᠢᠳ ᠪᠡᠶ᠎ᠡ ᠪᠠᠨ ᠪᠠᠷᠢᠵᠤ ᠴᠢᠳᠠᠯ ᠦᠭᠡᠢ᠂ | ᠤᠶᠠᠩᠭᠠᠲᠤ ᠳᠠᠭᠤᠤ ᠶᠢ ᠲᠠᠭᠠᠨ ᠬᠠᠩᠭᠢᠨᠠᠭᠤᠯᠤᠨ᠎ᠠ ᠁ ᠭᠡᠷᠡᠯ ᠭᠢᠯᠪᠠᠭ᠎ᠠ ᠰᠠᠴᠤᠷᠠᠭᠰᠠᠨ ᠳ᠋ᠧᠩ ᠤᠨ ᠭᠡᠷᠡᠯ᠂ ᠣᠷᠭᠢᠯᠤᠮ᠎ᠠ ᠬᠠᠯᠠᠭᠤᠨ ᠰᠡᠳᠬᠢᠯᠭᠡ ᠲᠠᠢ ᠳᠠᠭᠤᠤ | ᠬᠥᠭᠵᠢᠮ᠂ ᠲᠠᠶᠢᠰᠠᠨ ᠳᠣᠣᠷᠠᠬᠢ ᠠᠯᠠᠭ᠎ᠠ ᠲᠠᠰᠢᠯᠳᠠ ᠶᠢᠨ ᠲᠠᠭᠤᠨ᠂ ᠪᠠᠶᠠᠷᠯᠠᠨ ᠬᠠᠰᠬᠢᠷᠬᠤ ᠳᠠᠭᠤᠨ ᠲᠠᠰᠤᠷᠠᠯᠲᠠ ᠦᠭᠡᠢ ᠦᠷᠬᠦᠯᠵᠢᠯᠡᠵᠦ᠂ ᠦᠵᠡᠭᠴᠢᠳ ᠤᠨ | ᠭᠠᠷ ᠲᠤ ᠪᠠᠶᠢᠭ᠎ᠠ ᠴᠡᠭᠡᠨ ᠭᠡᠷᠡᠯᠲᠦ ᠰᠢᠳᠠᠮ ᠢᠶᠠᠨ ᠬᠤᠷᠦ᠋ᠢᠯᠠᠵᠤ᠂ ᠳᠠᠭᠤᠤ ᠶᠢᠨ ᠠᠶᠠᠰ ᠢᠶᠠᠷ ᠪᠡᠶ᠎ᠡ ᠪᠠᠨ ᠬᠥᠳᠡᠯᠵᠦ᠂ ᠲᠤᠬᠠᠢ ᠶᠢᠨ ᠲᠠᠯᠠᠪᠠᠢ ᠶᠢᠨ ᠠᠭᠤᠷ ᠠᠮᠢᠰᠬᠤᠯ | ᠮᠠᠰᠢ ᠬᠦᠷ ᠬᠥᠭᠵᠢᠶᠡᠨ ᠲᠠᠢ ᠪᠠᠶᠢᠯ᠎ᠠ᠃ | | | | | | ᠬᠤᠲᠠ ᠶᠢᠨ ᠠᠷᠠᠳ ᠱᠢ ᠮᠦ ᠳ᠋ᠠᠨ | ︽ᠱᠠᠮᠪᠠ ᠶᠢᠨ ᠠᠮᠲᠠ︾ ᠭᠡᠬᠦ ᠬᠦᠳᠡᠯᠭᠡᠭᠡᠨ ᠢ ᠡᠷᠬᠢᠯᠡᠭᠰᠡᠨ ᠦᠨᠡᠬᠡᠷ ᠵᠦᠭᠡᠷ᠂ ᠭᠤᠯᠢᠷ ᠤᠨ ᠣᠬᠢ ᠪᠠ ᠮᠢᠬ᠎ᠠ ᠲᠠᠢ ᠬᠠᠭᠰᠠᠭᠠᠮᠠᠯ ᠪᠣᠣᠪᠤ ᠶᠢᠨ | ᠮᠥᠷᠦᠶᠢᠴᠡᠭᠡᠨ ᠨᠢ ᠪᠦᠬᠦ ᠤᠯᠤᠰ ᠤᠨ ᠡᠯ᠎ᠡ ᠭᠠᠵᠠᠷ ᠤᠨ ᠨᠠᠶᠢᠵᠠ ᠨᠠᠷ ᠢᠷᠡᠨ ᠠᠮᠰᠠᠵᠤ ᠦᠵᠡᠬᠦ ᠶᠢ ᠪᠠᠶᠠᠷᠯᠠᠨ ᠤᠭᠲᠤᠵᠤ ᠪᠠᠶᠢᠨ᠎ᠠ᠃ ᠵᠦ ᠶᠦᠩ ᠹᠧᠶ ᠶᠢᠨ | ᠳᠠᠭᠤᠤ ᠨᠢ ᠬᠥᠮᠦᠰ ᠤᠨ ᠰᠡᠳᠬᠢᠯ ᠢ ᠳᠣᠭᠳᠣᠯᠤᠭᠤᠯᠪᠠ᠃ ᠪᠢ ᠰᠤᠷᠭᠠᠭᠤᠯᠢ ᠳᠤ ᠪᠠᠶᠢᠬᠤ ᠠᠴᠠ ᠪᠠᠨ ᠡᠬᠢᠯᠡᠨ ᠵᠦ ᠶᠦᠩ ᠹᠧᠶ ᠶᠢᠨ ᠳᠠᠭᠤᠤ ᠶᠢ ᠰᠣᠨᠣᠰᠤᠭᠠᠳ | ᠨᠢᠭᠡᠨᠲᠡ 20 ᠵᠢᠯ ᠪᠣᠯᠪᠠ᠂ ᠰᠡᠳᠭᠢᠯ ᠳᠦᠭᠦᠷᠡᠩ ᠡᠷᠭᠢᠴᠡᠭᠦᠯᠦᠯ ᠪᠣᠯᠵᠠᠢ᠃ | ᠲᠣᠰ ᠤᠳᠠᠭᠠᠨ ᠤ ︽ᠱᠠᠮᠪᠠ ᠶᠢᠨ ᠦᠨᠦᠷ ᠠᠮᠲᠠ︾ ᠭᠡᠬᠦ ᠳᠠᠭᠤᠤ ᠬᠥᠭᠵᠢᠮ ᠤᠨ ᠬᠦᠳᠡᠯᠭᠡᠭᠡᠨ ᠨᠢ ᠭᠤᠯᠢᠷ ᠤᠨ ᠣᠬᠢ᠂ ᠮᠢᠬ᠎ᠠ ᠲᠠᠢ ᠬᠠᠭᠰᠠᠭᠠᠮᠠᠯ ᠪᠣᠣᠪᠤ | ᠵᠡᠷᠭᠡ ᠲᠤᠬᠠᠶ ᠶᠢᠨ ᠭᠠᠵᠠᠷ ᠤᠨ ᠵᠢᠵᠢᠭ ᠢᠳᠡᠭᠡᠨ ᠢᠶᠠᠷ ᠵᠣᠷᠴᠢᠯᠲᠠ ᠪᠣᠯᠭᠠᠵᠤ᠂ ᠬᠠᠩᠭᠢᠨ ᠬᠤᠶᠢᠲᠤ ᠬᠤᠰᠢᠭᠤᠨ ᠤ ᠡᠬᠢ ᠪᠠᠶᠠᠯᠢᠭ ᠢ ᠲᠠᠨᠢᠯᠴᠠᠭᠤᠯᠵᠤ᠂ ︽ | ᠱᠠᠮᠪᠠ ᠶᠢᠨ ᠦᠨᠦᠷ ᠠᠮᠲᠠ︾ ᠭᠡᠬᠦ ᠠᠮᠲᠠᠲᠤ ᠢᠳᠡᠭᠡᠨ ᠤ ᠨᠡᠷ᠎ᠡ ᠶᠢᠨ ᠬᠠᠭᠤᠳᠠᠰᠤ ᠶᠢ ᠭᠢᠯᠠᠶᠢᠯᠭᠠᠵᠤ᠂ ᠨᠢᠭᠡ ᠤᠳᠠᠭᠠᠨ ᠤ ᠠᠮᠲᠠ ᠶᠢᠨ ᠴᠢᠨᠠᠷᠲᠠᠶ᠂ ᠳᠤᠷ᠎ᠠ | ᠰᠣᠨᠢᠷᠬᠠᠯᠳᠤ ᠴᠢᠨᠠᠷᠲᠠᠢ᠂ ᠣᠷᠣᠯᠴᠠᠬᠤ ᠴᠢᠨᠠᠷᠲᠠᠢ ᠨᠢᠭᠡᠨ ᠠᠮᠲᠠᠲᠤ ᠢᠳᠡᠭᠡᠨ ᠤ ᠰᠣᠶᠣᠯ ᠤᠨᠴᠣᠭᠴᠠᠵᠢᠭᠤᠯᠤᠭᠰᠠᠨ ᠦᠪᠡᠳᠡᠭᠰᠢ ᠶᠡᠭᠡ ᠨᠠᠶᠢᠷ ᠢ ᠡᠬᠢᠯᠡᠭᠦᠯᠵᠡᠶ᠃ |