ᠤᠯᠠᠭᠠᠨᠪᠦ᠋ᠬᠡ ᠡᠯᠡᠰᠦᠨ ᠨᠠᠭᠤᠷ
ᠨᠡᠶᠢᠲᠡᠯᠡᠭᠰᠡᠨ ᠴᠠᠭ᠄
2024/9/25
      ᠤᠯᠠᠭᠠᠨᠪᠦ᠋ᠬᠡ ᠶᠢᠨ ᠡᠯᠡᠰᠦᠨ ᠨᠠᠭᠤᠷ ᠨᠢ ᠮᠠᠨ ᠤ ᠤᠯᠤᠰ ᠤᠨ ᠨᠠᠢᠮᠠᠨ ᠶᠡᠭᠡ ᠡᠯᠡᠰᠦᠨ ᠤ ᠨᠢᠭᠡ ᠪᠣᠯᠬᠤ ᠤᠯᠠᠭᠠᠨᠪᠦ᠋ᠬᠡ ᠶᠢᠨ ᠡᠯᠡᠰᠦᠨ ᠤ ᠬᠠᠮᠤᠭ ᠤᠨ ᠵᠡᠭᠦᠨ ᠦᠵᠦᠭᠦᠷ᠂ ᠪᠠᠶᠠᠨᠨᠠᠭᠤᠷ ᠬᠤᠲᠠ ᠶᠢᠨ ᠬᠠᠩᠭᠢᠨ ᠬᠤᠶᠢᠲᠤ ᠬᠤᠰᠢᠭᠤᠨ ᠤ ᠳᠥᠷᠪᠡᠳᠦᠭᠡᠷ ᠬᠤᠷᠢᠶ᠎ᠠ ᠶᠢᠨ ᠬᠢᠯᠢ ᠳᠣᠲᠣᠷ᠎ᠠ ᠪᠠᠶᠢᠷᠢᠯᠠᠵᠤ ᠪᠣᠶ᠃ ᠤᠮᠠᠷᠠᠲᠤ ᠰᠦᠷ ᠵᠢᠪᠬᠤᠯᠠᠩᠲᠤ ᠮᠤᠨᠢ ᠠᠭᠤᠯᠠ᠂ ᠡᠮᠦᠨᠡᠲᠦ ᠬᠡᠰᠡᠭ ᠰᠦᠷ ᠳᠠᠯᠠᠶᠢᠴᠠᠲᠠᠶ ᠬᠠᠲᠤᠨ ᠭᠤᠤᠯ᠂ ᠪᠠᠷᠠᠭᠤᠨᠰᠢ ᠨᠡᠯᠦᠭᠡᠷ ᠶᠡᠭᠡ ᠬᠦᠪᠡᠭᠡ ᠵᠠᠬ᠎ᠠ ᠶᠢ ᠵᠠᠯᠭᠠᠵᠤ᠂ ᠵᠡᠭᠦᠨ ᠲᠠᠯ᠎ᠠ ᠨᠢ ᠦᠵᠡᠰᠬᠦᠯᠡᠩᠲᠦ ᠰᠠᠶᠢᠬᠠᠨ ᠥᠨᠢᠷ ᠪᠠᠶᠠᠯᠢᠭ ᠲᠠᠯ᠎ᠠ ᠭᠠᠵᠠᠷ ᠲᠠᠢ ᠵᠠᠯᠭᠠᠯᠳᠤᠵᠤ᠂ ᠡᠯᠡᠰᠦᠨ ᠴᠦᠯ ᠤᠨ ᠰᠣᠶᠣᠯ᠂ ᠲᠠᠷᠢᠶᠠᠯᠠᠬᠤ ᠰᠣᠶᠣᠯ᠂ ᠲᠠᠯ᠎ᠠ ᠨᠤᠲᠤᠭ ᠤᠨ ᠰᠣᠶᠣᠯ ᠵᠡᠷᠭᠡ ᠲᠠᠢ ᠨᠢᠭᠡᠳᠦᠭᠰᠡᠨ ᠦᠵᠡᠮᠵᠢ ᠶᠢᠨ ᠣᠷᠤᠨᠠᠷ ᠪᠤᠯᠤᠨ᠎ᠠ︔ ᠵᠠᠭᠤᠨ ᠵᠢᠯ ᠤᠨ ᠣᠶ᠂ ᠮᠢᠩᠭᠠᠨ ᠮᠦ ᠵᠢᠮᠢᠰ ᠤᠨ ᠬᠦᠷᠢᠶᠡᠯᠡᠩ᠂ ᠲᠦᠮᠡᠨ ᠭᠠᠵᠠᠷ ᠤᠨ ᠡᠯᠡᠰᠦᠨ ᠲᠠᠩ᠃ ᠡᠯᠡᠰᠦ ᠤᠰᠤ ᠪᠠᠷ ᠬᠠᠮᠲᠤᠷᠠᠨ ᠨᠢᠭᠡᠳᠬᠡᠭᠰᠡᠨ ᠪᠠᠶᠢᠭᠠᠯᠢ ᠶᠢᠨ ᠦᠵᠡᠮᠵᠢ ᠨᠢ ᠤᠯᠤᠰ ᠤᠨ ᠳᠣᠲᠣᠭᠠᠳᠤ ᠳᠤ ᠭᠠᠭᠴᠠᠭᠠᠷ ᠡᠵᠡᠮᠰᠢᠬᠦ ᠴᠢᠨᠠᠷ ᠪᠠ ᠥᠪᠡᠷᠮᠢᠴᠡ ᠣᠨᠴᠠᠯᠢᠭ ᠰᠢᠨᠵᠢ ᠲᠠᠢ ᠶᠤᠮ᠃ ᠡᠯᠡᠰᠦᠨ ᠮᠠᠩᠬ᠎ᠠ ᠨᠡᠯᠦ᠋ᠢᠨ ᠬᠤᠯᠢᠵᠤ᠂ ᠬᠥᠪᠡᠭᠡ ᠬᠢᠵᠠᠭᠠᠷ ᠦᠭᠡᠢ ᠦᠷᠭᠦᠯᠵᠢᠯᠡᠨ᠂  ᠶᠠᠭ ᠯᠠ ︽ᠡᠯᠡᠰᠦᠨ ᠴᠦᠯ ᠣᠲᠤᠭ᠎ᠠ ᠮᠡᠲᠦ ᠠᠰᠬᠠᠷᠠᠨ᠂ ᠭᠤᠣᠯ ᠮᠥᠷᠡᠨ ᠨᠠᠷᠠ ᠮᠡᠲᠦ ᠤᠯᠠᠶᠢᠷᠠᠨ︾  ᠬᠠᠷᠠᠭᠳᠠᠬᠤ ᠦᠵᠡᠮᠵᠢ ᠶᠢᠨ ᠣᠷᠣᠨ᠃ ᠤᠯᠠᠭᠠᠨᠪᠤᠬ᠎ᠠ ᠶᠢᠨ ᠡᠯᠡᠰᠦᠨ ᠨᠠᠭᠤᠷ ᠤᠨ ᠪᠠᠶᠢᠭᠠᠯᠢ ᠶᠢᠨ ᠦᠵᠡᠮᠵᠢ ᠪᠣᠯᠤᠨ ᠰᠡᠯᠡᠭᠦᠴᠡᠯ ᠴᠡᠩᠭᠡᠯ ᠤᠨ ᠣᠷᠤᠨ ᠨᠢᠭᠡᠳᠴᠦ᠂ ᠡᠯᠡᠰᠦᠨ ᠴᠥᠯ ᠢᠶᠠᠷ ᠭᠤᠣᠯ ᠪᠣᠯᠭᠠᠵᠤ᠂ ᠡᠷᠴᠢ ᠬᠦᠴᠦ ᠲᠠᠢ ᠬᠥᠳᠡᠯᠭᠡᠭᠡᠨ ᠲᠤᠭᠯᠠᠭᠠᠮ ᠢᠶᠠᠷ ᠭᠤᠣᠯ ᠰᠡᠳᠦᠪ ᠪᠣᠯᠭᠠᠵᠤ᠂ ᠲᠦᠷᠦᠯ ᠰᠠᠳᠤᠨ ᠨᠠᠶᠢᠵᠠ ᠨᠥᠬᠦᠳ ᠤᠳ ᠤᠨ ᠬᠦᠰᠡᠯ ᠢ ᠵᠣᠷᠢᠭᠰᠠᠨ ᠮᠥᠷᠦᠭᠡᠳᠦᠯ ᠤᠨ ᠣᠷᠣᠨ ᠪᠣᠯᠤᠨ᠎ᠠ᠃  ᠲᠠᠮᠢᠷ ᠤᠨ ᠬᠥᠳᠡᠯᠭᠡᠭᠡᠨ ᠳᠤ ᠪᠠᠭ᠋ᠠᠲᠠᠶ ᠬᠥᠮᠦᠰ ᠬᠡᠭᠡᠷ᠎ᠡ ᠶᠢᠨ ᠲᠡᠷᠭᠡ ᠶᠢ ᠵᠢᠯᠣᠭᠤᠳᠴᠤ ᠤᠯᠠᠭᠠᠨ ᠲᠤᠭ ᠤᠨ ᠨᠠᠯᠠᠤ ᠦᠵᠦᠭᠦᠷ ᠢ ᠲᠠᠭᠠᠷᠢᠵᠤ᠂ 90 ᠭᠷᠠᠳᠦ᠋ᠰ ᠤᠨ ᠬᠠᠷᠠᠭᠠᠰᠤ ᠠᠴᠠ ᠡᠯᠡᠰᠦᠨ ᠲᠤᠪᠤ ᠶᠢᠨ ᠢᠷᠤᠭᠠᠷ ᠲᠤ ᠬᠦᠷᠲᠡᠯ᠎ᠡ ᠱᠤᠩᠭᠤᠨ᠂ 100 ᠭᠠᠷᠤᠶ ᠮᠧᠲᠷ ᠰᠢᠬᠠᠮ ᠵᠠᠶᠢᠲᠠᠶ ᠪᠠᠶᠢᠵᠤ᠂ ᠲᠦᠭᠰᠢᠭᠦᠷᠢᠲᠡᠶ ᠪᠣᠯᠪᠠᠴᠤ ᠡᠷᠴᠢ ᠬᠦᠴᠦ ᠲᠠᠢ ᠪᠠᠶᠢᠪᠠ᠃ ᠡᠯᠡᠰᠦᠨ ᠴᠦᠯ ᠤᠨ ᠲᠡᠮᠡᠭᠡ ᠪᠤᠶᠤ ᠡᠯᠡᠰᠦᠨ ᠴᠦᠯ ᠤᠨ ᠲᠡᠷᠭᠡ ᠪᠠᠷ ᠡᠯᠡᠰᠦᠨ ᠴᠥᠯ ᠤᠨ ᠭᠦᠨ ᠳᠤ ᠣᠷᠣᠬᠤ ᠳᠤ ᠬᠦᠨᠳᠦ ᠶᠡᠭᠡ ᠰᠡᠳᠭᠢᠭᠳᠡᠯ ᠦᠭᠭᠦᠨ᠎ᠡ᠃  ᠡᠯᠡᠰᠦᠨ ᠴᠥᠯ ᠳᠡᠭᠡᠷᠡᠬᠢ ᠨᠠᠷᠠᠨ ᠮᠠᠨᠳᠤᠬᠤ ᠶᠢ ᠰᠣᠨᠢᠷᠬᠠᠵᠤ᠂ ᠦᠳᠡᠰᠢ ᠶᠢᠨ ᠨᠠᠷᠠᠨ ᠡᠯᠡᠰᠦᠨ ᠣᠷᠣᠢ ᠪᠠᠷ ᠰᠢᠩᠭᠢᠬᠦ ᠶᠢ ᠰᠣᠨᠢᠷᠬᠠᠬᠤ ᠡᠰᠡᠬᠦᠯ᠎ᠡ ᠦᠳᠡᠰᠢ ᠶᠢᠨ ᠪᠦᠷᠢ ᠳᠤ ᠰᠦᠨᠢ ᠶᠢᠨ ᠦᠵᠡᠮᠵᠢ ᠶᠢᠨ ᠴᠡᠯᠮᠡᠭ ᠣᠭᠲᠠᠷᠭᠤᠢ᠂ ᠭᠢᠯᠠᠯᠵᠠᠭᠰᠠᠨ ᠤᠳᠤ ᠶᠢ ᠰᠢᠨᠵᠢᠯᠡᠨ ᠬᠠᠷᠠᠵᠤ᠂ ᠴᠡᠩᠬᠡᠭ ᠨᠠᠭᠤᠷ ᠢᠶᠠᠨ ᠪᠠᠷᠠᠭᠠᠳᠠᠨ᠂ ᠤᠶᠠᠩᠭᠠᠲᠤ ᠳᠠᠭᠤᠤ ᠪᠦᠵᠢᠭ ᠢᠶᠠᠨ ᠳᠡᠯᠭᠡᠨ᠂ ᠰᠡᠳᠭᠢᠯ ᠬᠠᠩᠬᠤᠯᠤᠨ ᠰᠠᠨᠠᠭ᠎ᠠ ᠲᠠᠯᠪᠢᠭᠤᠨ ᠡᠬᠡ ᠣᠷᠣᠨ᠃ ᠡᠯᠡᠰᠦᠨ ᠴᠦᠯ ᠳᠤ ᠬᠠᠶᠢᠷ᠎ᠠ ᠰᠡᠳᠬᠢᠯᠭᠡ ᠲᠠᠢ ᠪᠠᠷ ᠣᠷᠭᠢᠯᠤᠨ ᠲᠣᠭᠯᠠᠵᠤ᠂ ᠡᠯᠡᠰᠦᠨ ᠳᠤ ᠬᠠᠯᠲᠤᠷᠢᠵᠤ᠂ ᠡᠯᠡᠰᠦᠨ ᠳᠤ ᠡᠯᠡᠰᠦᠨ ᠳᠤ ᠰᠠᠭᠤᠵᠤ  ᠦᠷ᠎ᠡ ᠬᠡᠤᠬᠡᠳ ᠲᠠᠢ ᠪᠠᠨ ᠭᠡᠷ ᠪᠦᠯᠢ ᠶᠢᠨ ᠲᠣᠭᠯᠠᠭᠠᠮ ᠨᠠᠭᠠᠳᠤᠨ᠎ᠠ︔ ᠲᠣᠣᠷᠠᠢ ᠤᠯᠢᠶᠠᠰᠤ ᠶᠢ ᠲᠠᠨᠢᠵᠤ᠂ ᠪᠣᠬᠢᠷᠲᠤᠯ ᠦᠭᠡᠢ ᠨᠣᠭᠤᠭ᠎ᠠ ᠵᠢᠮᠢᠰ ᠲᠡᠭᠦᠵᠦ᠂ ᠬᠤᠨᠤᠭ ᠤᠨ ᠲᠡᠮᠡᠭᠡ ᠲᠡᠵᠢᠶᠡᠨ︔ ᠲᠠᠪᠤᠨ ᠬᠥᠮᠦᠨ ᠢᠶᠠᠷ ᠪᠦᠷᠢᠯᠳᠦᠭᠰᠡᠨ ᠬᠥᠯ ᠪᠥᠮᠪᠦᠭᠡ᠂ ᠡᠯᠡᠰᠦᠨ ᠲᠠᠩ ᠳᠤ ᠠᠯᠠᠭᠠᠳᠠᠬᠤ ᠪᠥᠮᠪᠦᠭᠡ ᠬᠢᠯᠭᠡᠵᠦ᠂ ᠡᠯᠡᠰᠦᠨ ᠤᠬᠢᠶᠠᠯᠭ᠎ᠠ ᠵᠡᠷᠭᠡ ᠶᠢ ᠬᠢᠵᠦ ᠪᠠᠶᠢᠭᠠᠳ ᠨᠢᠭᠡ ᠪᠡᠶ᠎ᠡ ᠶᠢᠨ ᠶᠠᠳᠠᠷᠠᠯ ᠢ ᠠᠷᠢᠯᠭᠠᠵᠤ᠂ ᠨᠠᠶᠢᠵᠠ ᠨᠥᠬᠦᠳ ᠲᠠᠢ ᠪᠠᠨ ᠠᠷᠢᠬᠢᠨ ᠨᠠᠶᠢᠷ ᠢ ᠬᠦᠭᠵᠢᠭᠡᠵᠦ᠂ ᠲᠦᠳᠡᠭ ᠭᠠᠯ ᠢ ᠲᠣᠭᠤᠷᠢᠨ ᠪᠠᠶᠠᠷ ᠬᠥᠷ ᠲᠠᠢ ᠳᠠᠭᠤᠯᠠᠵᠤ᠂ ᠦᠳᠡᠰᠢ ᠣᠷᠣᠮᠠᠭᠴᠠ ᠡᠯᠡᠰᠦᠨ ᠳᠤ ᠡᠯᠢᠭᠡᠰᠡᠭ ᠳᠤᠯᠠᠭᠠᠨ ᠪᠠᠶᠢᠭᠰᠠᠨ ᠣᠳᠣᠨ ᠣᠭᠲᠠᠷᠭᠤᠢ ᠳᠤ ᠬᠠᠶᠢᠷᠠᠲᠤ ᠬᠥᠮᠦᠰ ᠲᠠᠢ ᠪᠠᠨ ᠰᠡᠳᠬᠢᠯ ᠤᠨ ᠦᠭᠡ ᠪᠠᠨ ᠶᠠᠷᠢᠯᠴᠠᠵᠤ᠂ ᠬᠤᠷᠣᠮᠬᠠᠨ ᠵᠠᠭᠤᠷ᠎ᠠ ᠶᠢᠨ ᠡᠷᠭᠢᠴᠡᠭᠦᠯᠦᠯ ᠦᠯᠡᠳᠡᠪᠡ᠃ ᠭᠤᠣᠯᠳᠠᠭᠤ ᠡᠵᠡᠩᠨᠡᠵᠦ ᠪᠠᠶᠢᠭ᠎ᠠ ᠲᠥᠷᠥᠯ ᠵᠦᠢᠯ ᠳᠤ ᠮᠠᠰᠢᠨ ᠲᠡᠷᠭᠡᠨ ᠤ ᠬᠡᠭᠡᠷᠡᠯᠡᠨ ᠶᠠᠪᠤᠬᠤ᠂ ᠭᠡᠷ ᠲᠡᠷᠭᠡᠨ ᠤ ᠪᠠᠭᠤᠳᠠᠯ᠂ ᠨᠠᠭᠤᠷ ᠰᠤᠨᠳᠠᠯᠠᠭᠰᠠᠨ ᠲᠡᠰᠢᠭᠦᠷ᠂ ᠡᠯᠡᠰᠦᠨ ᠴᠥᠯ ᠤᠨ ᠵᠤᠭ᠎ᠠ ᠴᠡᠩᠭᠡᠯ᠂ ᠡᠯᠡᠰᠦᠨ ᠴᠥᠯ ᠤᠨ ᠤᠬᠢᠶᠠᠯᠭ᠎ᠠ᠂ ᠡᠯᠡᠰᠦᠨ ᠤᠬᠢᠶᠠᠯᠭ᠎ᠠ᠂ ᠡᠯᠡᠰᠦᠨ ᠴᠥᠯ ᠠᠴᠠ ᠡᠷᠳᠡᠨᠢ ᠡᠷᠢᠬᠦ᠂ ᠡᠯᠡᠰᠦᠨ ᠴᠥᠯ ᠤᠨ ᠤᠬᠢᠶᠠᠯᠭ᠎ᠠ ᠶᠢᠨ ᠲᠠᠯᠠᠪᠠᠢ᠂ ᠶᠠᠪᠠᠭᠠᠨ ᠢᠶᠠᠷ ᠪᠠᠷᠲᠠᠭ᠎ᠠ ᠬᠠᠶᠢᠬᠤ᠂ ᠮᠣᠳᠣᠨ ᠭᠡᠷ ᠬᠤᠨᠤᠭ ᠪᠠᠭᠤᠳᠠᠯ᠂ ᠣᠨᠴᠠᠯᠢᠭᠲᠤ ᠢᠳᠡᠭᠡᠨ ᠤᠮᠳᠠᠭᠠᠨ᠂ ᠠᠮᠲᠠᠲᠤ ᠰᠢᠷᠠᠮᠠᠯ ᠢᠳᠡᠭᠡᠨ᠂ ᠲᠦᠳᠡᠭ ᠭᠠᠯ ᠤᠨ ᠦᠳᠡᠰᠢᠯᠡᠭᠡ᠂ ᠮᠣᠷᠢᠨ ᠤᠷᠤᠯᠳᠤᠭᠠᠨ ᠤ ᠲᠠᠯᠠᠪᠠᠢ᠂ ᠤᠰᠤᠨ ᠤ ᠶᠢᠷᠲᠢᠨᠴᠦ ᠵᠡᠷᠭᠡ ᠵᠢᠭᠤᠯᠴᠢᠯᠠᠯ ᠤᠨ ᠲᠥᠷᠥᠯ ᠵᠦᠢᠯ ᠪᠦᠷ ᠪᠠᠭᠲᠠᠨ᠎ᠠ᠃
 
ᠢᠷᠡᠯᠲᠡ᠄ ᠬᠠᠩᠭᠢᠨ ᠬᠤᠶᠢᠲᠤ ᠬᠤᠰᠢᠭᠤᠨ ᠤ ᠠᠷᠠᠳ ᠤᠨ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ