ᠳᠧᠦ ᠳ᠋ᠤᠤ ᠴᠢᠶᠣᠤ ᠪᠠᠯᠭᠠᠰᠤ ᠨᠠᠢᠮᠠᠨ ᠰᠠᠷ᠎ᠠ ᠶᠢᠨ ᠠᠷᠪᠠᠨ ᠲᠠᠪᠤᠨ ᠤ ᠪᠠᠶᠠᠷ ᠤᠨ ᠡᠳᠦᠷ ᠢᠶᠠᠷ ︽ᠨᠢᠭᠡ ᠵᠡᠮᠳᠡᠭ ᠨᠢᠭᠡ ᠬᠦᠴᠢᠷᠲᠡᠢ︾ ᠭᠤᠣᠯ ᠰᠡᠳᠦᠪᠲᠦ ᠪᠣᠯᠪᠠᠰᠤᠨ ᠤ ᠦᠢᠯᠡᠳᠦᠯᠭᠡ ᠶᠢᠨ ᠠᠵᠢᠯᠯᠠᠭ᠎ᠠ ᠥᠷᠨᠢᠭᠦᠯᠪᠡ
ᠨᠡᠶᠢᠲᠡᠯᠡᠭᠰᠡᠨ ᠴᠠᠭ᠄
2024/9/27
      ᠣᠶᠢᠷ᠎ᠠ ᠳᠤ᠂ ᠳᠧᠦ ᠳ᠋ᠤᠤ ᠴᠢᠶᠣᠤ ᠪᠠᠯᠭᠠᠰᠤᠨ ᠤ ᠰᠢᠨ᠎ᠡ ᠴᠠᠭ ᠦᠶ᠎ᠡ ᠶᠢᠨ ᠪᠣᠯᠪᠠᠰᠤᠨ ᠤ ᠦᠶ᠋ᠯᠡᠳᠦᠯᠭᠡ ᠶᠢᠨ ᠭᠠᠵᠠᠷ ᠪᠠᠯᠭᠠᠰᠤᠨ ᠤ ᠵᠡᠮᠳᠡᠭᠴᠦᠳ ᠤᠨ ᠬᠤᠯᠪᠣᠭ᠎ᠠ ᠲᠠᠢ ᠬᠠᠮᠲᠤᠷᠠᠨ ᠨᠠᠢᠮᠠᠨ ᠰᠠᠷ᠎ᠠ ᠶᠢᠨ ᠠᠷᠪᠠᠨ ᠲᠠᠪᠤᠨ ᠤ ᠪᠠᠶᠠᠷ ᠤᠨ ᠡᠳᠦᠷ ᠤᠨ ︽ᠨᠢᠭᠡ ᠵᠡᠮᠳᠡᠭ ᠨᠢᠭᠡ ᠬᠦᠴᠢᠷᠳᠡᠯ︾ ᠤᠨ ᠭᠤᠤᠯ ᠰᠡᠳᠦᠪᠲᠦ ᠪᠣᠯᠪᠠᠰᠤᠨ ᠤ ᠦᠶ᠋ᠯᠡᠳᠦᠯᠭᠡ ᠶᠢᠨ ᠠᠵᠢᠯᠯᠠᠭ᠎ᠠ ᠶᠢ ᠬᠠᠮᠲᠤᠪᠠᠷ ᠥᠷᠨᠢᠭᠦᠯᠵᠦ᠂ 50 ᠡᠷᠦᠬᠡ ᠵᠡᠮᠳᠡᠭ ᠭᠡᠷ ᠪᠦᠯᠢ ᠳᠤ ᠨᠠᠢᠮᠠᠨ ᠰᠠᠷ᠎ᠠ ᠶᠢᠨ ᠠᠷᠪᠠᠨ ᠲᠠᠪᠤᠨ ᠤ ᠶᠧᠪᠡᠩ ᠤᠨ ᠪᠡᠯᠡᠭ ᠤᠨ ᠬᠠᠶᠢᠷᠴᠠᠭ ᠬᠦᠷᠭᠡᠵᠦ᠂ ᠪᠣᠳᠠᠲᠤ ᠠᠵᠢᠯᠯᠠᠭ᠎ᠠ ᠪᠠᠷ ᠢᠶᠠᠨ ᠪᠠᠶᠠᠷ ᠤᠨ ᠡᠳᠦᠷ ᠤᠨ ᠬᠠᠶᠢᠷ᠎ᠠ ᠰᠡᠳᠬᠢᠯᠭᠡ ᠪᠣᠯᠤᠨ ᠨᠡᠶᠢᠭᠡᠮ ᠤᠨ ᠬᠠᠯᠠᠮᠵᠢᠯᠠᠯ ᠢ ᠳᠠᠮᠵᠢᠭᠤᠯᠪᠠ᠃ ᠲᠣᠰ ᠤᠳᠠᠭᠠᠨ ᠤ ᠠᠵᠢᠯᠯᠠᠭ᠎ᠠ ᠨᠢ ᠬᠠᠷᠢᠶ᠎ᠠ ᠣᠷᠣᠨ ᠤ ᠪᠠᠨ ᠰᠢᠨ᠎ᠡ ᠪᠠᠷ ᠢᠯᠭᠠᠨ ᠲᠠᠨᠢᠵᠤ ᠬᠢᠨᠠᠨ ᠬᠡᠮᠵᠢᠬᠦ ᠡᠷᠦᠬᠡ ᠪᠠ ᠬᠢᠨᠠᠨ ᠬᠡᠮᠵᠢᠬᠦ ᠡᠷᠦᠬᠡ᠂ ᠨᠠᠭᠠᠳᠤ ᠵᠠᠬ᠎ᠠ ᠶᠢᠨ ᠪᠠᠲᠤᠯᠠᠭ᠎ᠠ ᠶᠢᠨ ᠡᠷᠦᠬᠡ᠂ ᠨᠢᠭᠡ ᠡᠷᠦᠬᠡ ᠶᠢᠨ ᠣᠯᠠᠨ ᠵᠡᠮᠳᠡᠭ ᠵᠡᠮᠳᠡᠭᠴᠦᠳ ᠤᠨ ᠭᠡᠷ ᠪᠦᠯᠢ ᠳᠤ ᠠᠩᠬᠠᠷᠤᠯ ᠢᠶᠠᠨ ᠲᠥᠪᠯᠡᠷᠡᠭᠦᠯᠵᠦ᠂ ᠪᠠᠶᠠᠷ ᠤᠨ ᠡᠳᠦᠷ ᠤᠨ ᠠᠭᠤᠷ ᠠᠮᠢᠰᠬᠤᠯ ᠢ ᠨᠡᠮᠡᠭᠳᠡᠭᠦᠯᠵᠡᠶ᠃
1.jpg
      ᠢᠷᠡᠭᠡᠳᠦᠶ ᠪᠠᠨ ᠪᠠᠷᠠᠯᠠᠬᠤᠶ᠎ᠠ᠂ ᠳᠧᠦ ᠳ᠋ᠤᠤ ᠴᠢᠶᠣᠤ ᠪᠠᠯᠭᠠᠰᠤ ᠶᠢᠨ ᠬᠢᠨ ᠲᠣᠰ ᠤᠳᠠᠭᠠᠨ ᠤ ᠠᠵᠢᠯᠯᠠᠭ᠎ᠠ ᠪᠠᠷ ᠠᠵᠠ ᠲᠣᠬᠢᠶᠠᠯ ᠪᠣᠯᠭᠠᠵᠤ᠂ ︽ᠨᠢᠭᠡ ᠵᠡᠮᠳᠡᠭ ᠨᠢᠭᠡ ᠬᠦᠴᠢᠷᠳᠡᠯ︾ ᠤᠨ ᠣᠯᠠᠨ ᠲᠦᠮᠡᠨ ᠢ ᠬᠠᠯᠠᠮᠵᠢᠯᠠᠬᠤ ᠲᠣᠭᠲᠠᠴᠠ ᠶᠢ ᠦᠷᠭᠦᠯᠵᠢᠯᠡᠨ ᠭᠦᠨᠵᠡᠭᠡᠶᠢᠷᠡᠭᠦᠯᠵᠦ᠂ ᠤᠯᠠᠮᠵᠢᠯᠠᠯᠲᠤ ᠪᠠᠶᠠᠷ ᠤᠨ ᠡᠳᠦᠷ ᠪᠣᠯᠤᠨ ᠡᠳᠦᠷ ᠲᠤᠲᠤᠮ ᠤᠨ ᠬᠡᠷᠡᠭᠴᠡᠭᠡ ᠲᠠᠢ ᠤᠶᠠᠯᠳᠤᠭᠤᠯᠤᠨ᠂ ᠨᠠᠩ ᠣᠯᠠᠨ ᠡᠰᠢᠵᠢᠭᠰᠡᠨ᠂ ᠨᠠᠷᠢᠯᠢᠭ ᠣᠨᠣᠴᠠᠲᠠᠶ ᠠᠷᠠᠳ ᠲᠤ ᠠᠰᠢᠭ ᠬᠦᠷᠲᠡᠭᠡᠬᠦ ᠦᠢᠯᠡᠴᠢᠯᠡᠭᠡᠨ ᠤ ᠠᠵᠢᠯᠯᠠᠭ᠎ᠠ ᠶᠢ ᠤᠬᠠᠭᠠᠯᠠᠨ᠎ᠠ᠃   
ᠢᠷᠡᠯᠲᠡ᠄ ᠬᠠᠩᠭᠢᠨ ᠬᠤᠶᠢᠲᠤ ᠬᠤᠰᠢᠭᠤᠨ ᠤ ᠠᠷᠠᠳ ᠤᠨ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ