| | | ᠮᠢᠨ ᠴᠢᠨ ᠲᠠᠲᠠᠮᠠᠯ ᠭᠤᠯᠢᠷ ᠨᠢ ᠭᠤᠯᠢᠷ ᠪᠤᠶᠤ ᠱᠦᠯᠦ ᠪᠠᠷ ᠪᠦᠷᠢᠯᠳᠦᠨ᠎ᠡ᠃ ᠨᠢᠭᠡᠳᠦᠭᠡᠷ ᠠᠯᠬᠤᠮ ᠳᠤ ᠭᠤᠯᠢᠷ ᠰᠤᠩᠬᠤᠬᠤ ᠬᠡᠷᠡᠭᠲᠡᠶ᠃ ᠭᠤᠯᠢᠷ ᠢ ᠵᠠᠪᠠᠯ | ᠠᠷᠤ ᠪᠠᠷ ᠬᠢᠭᠰᠡᠨ ᠥᠨᠳᠥᠷ ᠰᠢᠷᠪᠦᠰᠦᠲᠦ ᠨᠤᠨᠳᠠᠭ ᠢ ᠬᠡᠷᠡᠭᠯᠡᠬᠦ ᠬᠡᠷᠡᠭᠲᠡᠢ᠃ ᠬᠤᠶᠠᠳᠤᠬᠠᠷ ᠠᠯᠬᠤᠮ ᠪᠠ ᠲᠠᠯ᠎ᠠ᠃ ᠭᠤᠯᠢᠷ ᠢᠶᠠᠨ ᠳᠠᠬᠢᠨ ᠳᠠᠪᠲᠠᠨ ᠨᠤᠬᠤᠯᠠᠵᠤ᠂ | ᠬᠤᠷᠢᠨ ᠮᠢᠨᠦ᠋ᠲ ᠪᠦᠷᠢ ᠨᠢᠭᠡ ᠤᠳᠠᠭ᠎ᠠ ᠨᠤᠬᠤᠯᠠᠵᠤ᠂ ᠬᠤᠶᠠᠷ ᠴᠠᠭ ᠳᠠᠬᠢᠨ ᠳᠠᠪᠲᠠᠨ ᠨᠤᠬᠤᠯᠠᠨ᠎ᠠ᠃ ᠨᠢᠭᠤᠷ ᠨᠢ ᠵᠥᠭᠡᠯᠡᠨ ᠪᠣᠯᠬᠤᠷ ᠲᠠᠲᠠᠮᠠᠯ ᠭᠤᠯᠢᠷ ᠤᠨ | ᠪᠦᠳᠦᠭᠦᠨ᠂ ᠱᠢᠷᠪᠥᠰᠥ ᠶᠢ ᠲᠣᠭᠲᠠᠭᠠᠵᠤ᠂ ᠬᠡᠷᠪᠡ ᠨᠢᠭᠤᠷ ᠨᠢ ᠵᠥᠭᠡᠯᠡᠨ ᠪᠣᠯᠪᠠᠯ᠂ ᠱᠢᠷᠪᠥᠰᠥ ᠨᠢ ᠦᠭᠡᠢ ᠪᠣᠯᠤᠨ᠎ᠠ᠂ ᠬᠡᠷᠪᠡ ᠨᠢᠭᠤᠷ ᠨᠢ ᠬᠠᠲᠠᠭᠤ ᠪᠣᠯ ᠲᠠᠲᠠᠪᠠᠯ | ᠲᠠᠲᠠᠪᠠᠯ ᠬᠡᠳᠦᠨ ᠬᠡᠰᠡᠭ ᠪᠣᠯᠭᠠᠨ ᠲᠠᠰᠤᠯᠤᠨ᠎ᠠ᠂ ᠲᠡᠷᠡ ᠮᠥᠷᠲᠡᠭᠡᠨ ᠪᠠᠰᠠ ᠨᠠᠷᠢᠨ ᠪᠢᠱᠢ᠃ ᠡᠶᠢᠮᠦ ᠠᠴᠠ ᠭᠤᠯᠢᠷ ᠪᠣᠯ ᠲᠠᠲᠠᠮᠠᠯ ᠮᠢᠶᠠᠨᠲ᠋ᠢᠶᠠᠭᠤ ᠬᠢᠬᠦ ᠵᠠᠩᠭᠢᠯᠠᠭ᠎ᠠ | ᠪᠣᠯᠣᠨ᠎ᠠ᠃ ᠭᠤᠷᠪᠠᠳᠤᠭᠠᠷ ᠠᠯᠬᠤᠮ ᠤᠨ ᠰᠡᠷᠡᠭᠳᠡᠯ᠃ ᠡᠬᠢᠯᠡᠭᠡᠳ ᠨᠢᠭᠡ ᠲᠣᠮᠣ ᠲᠣᠭᠤᠷᠢᠭ ᠲᠠᠪᠠᠭ ᠣᠯᠵᠤ᠂ ᠳᠡᠭᠡᠷ᠎ᠡ ᠨᠢ ᠨᠢᠭᠡ ᠰᠡᠨᠲ᠋ᠢᠮᠧᠲᠷ ᠲᠣᠰᠣ ᠲᠦᠷᠬᠢᠵᠦ᠂ | ᠰᠠᠶᠢᠬᠠᠨ ᠭᠤᠯᠢᠷ ᠢᠶᠠᠨ ᠨᠢᠭᠡ ᠰᠡᠨᠲ᠋ᠢᠮᠧᠲᠷ ᠬᠢᠷᠢᠲᠡᠢ ᠵᠢᠭᠳᠡ ᠤᠷᠲᠤ ᠵᠢᠷᠤᠭᠠᠰᠤ ᠪᠣᠯᠭᠠᠨ ᠬᠡᠷᠴᠢᠵᠦ᠂ ᠰᠢᠷᠡᠭᠡᠨ ᠳᠡᠭᠡᠷ᠎ᠡ ᠪᠠᠨ ᠰᠠᠪᠬ᠎ᠠ ᠪᠠᠨ ᠠᠭᠠᠵᠢᠮ ᠢᠶᠠᠷ | ᠵᠦᠯᠭᠦᠭᠡᠳ᠂ ᠨᠢᠭᠡ ᠲᠣᠭᠤᠷᠢᠭ ᠲᠠᠪᠠᠭ ᠳᠣᠲᠣᠷ᠎ᠠ ᠬᠢᠵᠦ᠂ ᠲᠠᠪᠠᠭ ᠪᠦᠷᠢ ᠳᠡᠭᠡᠨ ᠨᠢᠭᠡ ᠳᠠᠪᠬᠤᠷᠭ᠎ᠠ ᠬᠤ ᠲᠣᠰᠤ ᠲᠦᠷᠬᠢᠵᠦ᠂ ᠭᠤᠯᠢᠷ ᠢᠶᠠᠨ | ᠨᠠᠭᠠᠯᠳᠤᠭᠤᠯᠬᠤ ᠠᠴᠠ ᠰᠡᠷᠭᠡᠶᠢᠯᠡᠨ᠎ᠡ᠃ ᠵᠤᠨ ᠤ ᠤᠯᠠᠷᠢᠯ ᠳᠤ ᠰᠡᠷᠢᠬᠦ ᠳᠤ ᠳᠦᠴᠢᠨ ᠲᠠᠪᠤᠨ ᠮᠢᠨᠦ᠋ᠲ ᠬᠡᠷᠡᠭᠰᠡᠨ᠎ᠡ︔ ᠡᠪᠦᠯ ᠤᠨ ᠤᠯᠠᠷᠢᠯ ᠳᠤ ᠠᠭᠤᠷ ᠠᠮᠢᠰᠬᠤᠯ | ᠨᠡᠯᠢᠶᠡᠳ ᠬᠦᠢᠳᠡᠨ ᠪᠤᠯᠬᠤᠷ ᠰᠡᠷᠢᠬᠦ ᠳᠤ ᠨᠢᠭᠡ ᠴᠠᠭ ᠣᠷᠴᠢᠮ ᠬᠡᠷᠡᠭᠰᠡᠨ᠎ᠡ᠃ ᠳᠥᠷᠪᠡᠳᠦᠭᠡᠷ ᠠᠯᠬᠤᠮ ᠤᠨ ᠲᠠᠲᠠᠮᠠᠯ ᠭᠤᠯᠢᠷ᠃ ᠤᠰᠤ ᠪᠤᠴᠠᠯᠭᠠᠭᠰᠠᠨ ᠤ ᠳᠠᠷᠠᠭ᠎ᠠ | ᠭᠤᠯᠢᠷ ᠢᠶᠠᠨ ᠪᠠᠰᠠ ᠰᠡᠷᠭᠦᠭᠡᠵᠦ᠂ ᠭᠤᠯᠢᠷ ᠢᠶᠠᠨ ᠨᠠᠭᠠᠯᠳᠤᠭᠤᠯᠬᠤ ᠠᠴᠠ ᠰᠡᠷᠭᠡᠶᠢᠯᠡᠬᠦ ᠶᠢᠨ ᠲᠥᠯᠥᠭᠡ ᠪᠤᠴᠠᠯᠤᠭᠰᠠᠨ ᠤᠰᠤᠨ ᠳᠤ ᠳᠠᠪᠤᠰᠤ ᠪᠠᠭ᠎ᠠ ᠬᠢᠵᠦ | ᠳᠠᠷᠠᠭ᠎ᠠ ᠨᠢ ᠭᠤᠯᠢᠷ ᠢᠶᠠᠨ ᠲᠠᠲᠠᠨ᠎ᠠ᠃ ᠲᠠᠲᠠᠮᠠᠯ ᠭᠤᠯᠢᠷ ᠢᠳᠡᠬᠦ ᠳᠤ ᠪᠠᠨ ᠵᠢᠭᠳᠡ ᠬᠦᠴᠦ ᠵᠠᠷᠤᠴᠠᠭᠤᠯᠵᠤ᠂ ᠬᠤᠪᠢ ᠬᠥᠮᠦᠨ ᠤ ᠦᠨᠦᠷ ᠠᠮᠲᠠ ᠶᠢ ᠦᠨᠳᠦᠰᠦᠯᠡᠨ᠂ | ᠨᠠᠷᠢᠯᠢᠭ ᠢᠳᠡᠶ᠎ᠡ ᠭᠡᠵᠦ ᠪᠣᠳᠤᠬᠤ ᠨᠢ ᠡᠩ ᠤᠨ ᠪᠦᠳᠦᠭᠦᠯᠢᠭ ᠰᠢᠭ᠋᠂ ᠪᠦᠳᠦᠭᠦᠯᠢᠭ ᠢᠳᠡᠶ᠎ᠡ ᠭᠡᠵᠦ ᠪᠣᠳᠤᠪᠠᠯ ᠪᠦᠳᠦᠬᠦᠯᠢᠭ ᠪᠣᠯᠭᠠᠵᠤ ᠪᠣᠯᠤᠨ᠎ᠠ᠃ ᠲᠠᠲᠠᠮᠠᠯ | ᠭᠤᠯᠢᠷ ᠢᠶᠠᠨ ᠲᠣᠭᠤᠭᠠᠨ ᠤ ᠪᠠᠨ ᠳᠠᠷᠠᠭ᠎ᠠ ᠰᠠᠪᠬ᠎ᠠ ᠪᠠᠷ ᠠᠯᠭᠤᠷᠬᠠᠨ ᠨᠡᠭᠡᠭᠡᠭᠰᠡᠨ ᠤ ᠳᠠᠷᠠᠭ᠎ᠠ ᠳᠠᠬᠢᠨ ᠭᠤᠷᠪᠠᠨ ᠮᠢᠨᠦ᠋ᠲ ᠴᠢᠨᠠᠪᠠᠯ ᠲᠣᠭᠤᠭᠠᠨ ᠠᠴᠠ ᠭᠠᠷᠴᠤ | ᠪᠣᠯᠣᠨ᠎ᠠ᠃ |