ᠬᠠᠩᠭᠢᠨ ᠬᠤᠶᠢᠲᠤ ᠬᠤᠰᠢᠭᠤᠨ ᠤ᠄ ︽ᠵᠢᠵᠢᠭ ᠯᠠᠵᠤᠤ︾ ᠭᠠᠯ ᠤᠯᠠᠭᠠᠨ ︽ᠲᠣᠮᠣ ᠠᠵᠤ ᠦᠢᠯᠡᠰ︾ ᠢ ᠪᠤᠶᠢᠵᠢᠭᠤᠯᠪᠠ
ᠨᠡᠶᠢᠲᠡᠯᠡᠭᠰᠡᠨ ᠴᠠᠭ᠄
2024/9/6

     ᠯᠠᠵᠤᠤ ᠶᠢᠨ ᠠᠵᠤ ᠦᠢᠯᠡᠰ ᠨᠢ ᠦᠶᠡᠯᠡᠯ ᠤᠨ ᠬᠤᠭᠤᠴᠠᠭᠠᠨ ᠤ ᠦᠷ᠎ᠡ ᠠᠰᠢᠭ ᠲᠦᠷᠭᠡᠨ ᠪᠠᠶᠢᠵᠤ᠂ ᠠᠯᠤᠰ ᠢᠷᠡᠭᠡᠳᠦᠢ ᠥᠷᠭᠡᠨ ᠪᠠᠶᠢᠬᠤ ᠣᠨᠴᠠᠯᠢᠭ ᠲᠠᠢ

ᠶᠤᠮ᠃ ᠣᠶᠢᠷ᠎ᠠ ᠶᠢᠨ ᠵᠢᠯ ᠳᠤ᠂ ᠬᠠᠩᠭᠢᠨ ᠬᠤᠶᠢᠲᠤ ᠬᠤᠰᠢᠭᠤ ᠪᠣᠳᠠᠲᠠᠶ ᠳᠤ ᠰᠠᠭᠤᠷᠢᠯᠠᠨ᠂ ᠯᠠᠵᠤᠤ ᠳᠠᠷᠢᠬᠤ ᠲᠠᠯᠠᠪᠠᠶ ᠶᠢ ᠥᠷᠭᠡᠳᠬᠡᠵᠦ᠂ ᠵᠢᠵᠢᠭ ᠯᠠᠵᠤᠤ ᠶᠢ

ᠬᠥᠳᠡᠭᠡ ᠲᠣᠰᠬᠤᠨ ᠤ ᠤᠨᠴᠠᠯᠢᠭᠳᠤ ᠠᠵᠤ ᠦᠶ᠋ᠯᠡᠰ ᠢ ᠪᠤᠵᠠᠭᠠᠶᠢᠷᠠᠭᠤᠯᠬᠤ ᠬᠤᠪᠢᠰᠬᠠᠯᠲᠤ ᠬᠥᠳᠡᠯᠭᠡᠭᠦᠷ ᠪᠣᠯᠭᠠᠪᠠ᠃

1.jpg

      ᠣᠳᠣ ᠶᠠᠭ ᠯᠠᠵᠤᠤ ᠪᠣᠯᠪᠠᠰᠤᠷᠠᠬᠤ ᠴᠠᠭ ᠪᠣᠯᠵᠤ᠂ ᠡᠯ ᠳ᠋ᠤᠤ ᠴᠢᠶᠣᠤ ᠪᠠᠯᠭᠠᠰᠤᠨ ᠤ ᠲᠦᠮᠡᠨ ᠮᠦ ᠤᠯᠠᠭᠠᠨ ᠠᠵᠤ ᠦᠢᠯᠡᠰ ᠤᠨ ᠬᠦᠷᠢᠶᠡᠯᠡᠩ ᠳᠤ

ᠣᠷᠣᠬᠤ ᠳᠤ᠂ ᠭᠠᠯ ᠤᠯᠠᠭᠠᠨ ᠯᠠᠵᠤᠤ ᠰᠠᠯᠠᠭ᠎ᠠ ᠨᠠᠮᠠᠭ᠎ᠠ ᠪᠠᠷ ᠳᠦᠭᠦᠷᠪᠡ᠃ ᠬᠠᠩᠭᠢᠨ ᠬᠤᠶᠢᠲᠤ ᠬᠤᠰᠢᠭᠤᠨ ᠤ ᠯᠦᠩ ᠵᠧᠩ ᠲᠠᠷᠢᠶᠠᠯᠠᠩ ᠮᠠᠯ ᠠᠵᠤ ᠠᠬᠤᠶ ᠶᠢᠨ

ᠲᠤᠰᠬᠠᠶ ᠬᠤᠷᠰᠢᠶ᠎ᠠ ᠶᠢᠨ ᠬᠠᠲᠤᠨ ᠭᠤᠤᠯ ᠤᠨ ᠤᠰᠤ ᠶᠢ ᠲᠠᠲᠠᠵᠤ ᠳᠤᠰᠤᠯᠭᠠᠨ ᠤᠰᠤᠯᠠᠬᠤ ᠤᠰᠤ ᠪᠣᠷᠳᠣᠭᠤᠷ ᠢ ᠨᠢᠭᠡ ᠴᠣᠭᠴᠠᠵᠢᠭᠤᠯᠬᠤ ᠵᠡᠷᠭᠡ ᠰᠢᠨ᠎ᠡ

ᠮᠡᠷᠭᠡᠵᠢᠯ ᠤᠨ ᠬᠡᠷᠡᠭᠯᠡᠯᠲᠡ ᠪᠠᠷ ᠳᠠᠮᠵᠢᠭᠤᠯᠤᠨ᠂ ᠯᠠᠵᠤᠤ ᠶᠢᠨ ᠶᠠᠰᠤ ᠴᠢᠨᠠᠷ ᠨᠢ ᠰᠠᠶᠢᠨ᠂ ᠭᠠᠷᠤᠯᠲᠠ ᠨᠢ ᠥᠨᠳᠥᠷ ᠪᠣᠯᠤᠨ᠎ᠠ᠃

      ᠬᠠᠩᠭᠢᠨ ᠬᠤᠶᠢᠲᠤ ᠬᠤᠰᠢᠭᠤᠨ ᠤ ᠯᠦᠩ ᠵᠧᠩ ᠲᠠᠷᠢᠶᠠᠯᠠᠩ ᠮᠠᠯ ᠠᠵᠤ ᠠᠬᠤᠶ ᠶᠢᠨ ᠲᠤᠰᠬᠠᠶ ᠬᠤᠷᠰᠢᠶ᠎ᠠ ᠶᠢᠨ ᠬᠡᠷᠡᠭ ᠡᠷᠬᠢᠯᠡᠭᠴᠢᠳ ᠤᠨ ᠳᠡᠳ᠋ ᠳᠠᠷᠤᠭ᠎ᠠ

ᠹᠠᠩ ᠵᠢᠶᠦ᠋ᠨ

      ᠲᠠᠷᠢᠶᠠᠴᠢᠨ ᠡᠷᠦᠬᠡ ᠯᠠᠵᠤᠤ ᠲᠡᠭᠦᠵᠦ ᠠᠪᠤᠭᠰᠠᠨ ᠤ ᠳᠠᠷᠠᠭ᠎ᠠ ᠮᠠᠨ ᠤ ᠬᠤᠷᠰᠢᠶ᠎ᠠ ᠳᠤ ᠬᠦᠷᠭᠡᠵᠦ᠂ ᠬᠤᠷᠰᠢᠶ᠎ᠠ ᠨᠢ ᠨᠢᠭᠡ ᠲᠥᠭᠦᠷᠢᠭ ᠬᠤᠶᠠᠷ ᠦᠨ᠎ᠡ ᠪᠠᠷ

ᠬᠤᠳᠠᠯᠳᠤᠨ ᠠᠪᠴᠤ᠂ ᠢᠩᠭᠢᠪᠡᠯ ᠲᠠᠷᠢᠶᠠᠴᠢᠳ ᠲᠤ ᠪᠠᠲᠤᠯᠠᠭ᠎ᠠ ᠬᠠᠩᠭᠠᠵᠤ᠂ ᠲᠠᠷᠢᠶᠠᠴᠢᠳ ᠯᠠᠵᠤᠤ ᠲᠠᠷᠢᠬᠤ ᠨᠡᠩ ᠢᠲᠡᠭᠡᠯ ᠲᠠᠢ ᠪᠣᠯᠵᠤ᠂ ᠡᠨᠡ ᠵᠢᠯ ᠤᠨ

ᠯᠠᠵᠤᠤ ᠶᠢᠨ ᠤᠷᠭᠤᠴᠠ ᠶᠢᠨ ᠪᠠᠶᠢᠳᠠᠯ ᠨᠢ ᠴᠦ ᠥᠩᠭᠡᠷᠡᠭᠰᠡᠨ ᠵᠢᠯ ᠤᠳ ᠠᠴᠠ ᠥᠨᠳᠥᠷ ᠪᠣᠯᠵᠠᠶ᠃

      ᠡᠯ ᠳ᠋ᠤᠤ ᠴᠢᠶᠣᠤ ᠪᠠᠯᠭᠠᠰᠤ ︽ᠬᠤᠷᠰᠢᠶ᠎ᠠ ᠶᠢᠨ ᠰᠠᠭᠤᠷᠢᠨ ᠭᠠᠵᠠᠷ ᠤᠨ ᠲᠠᠷᠢᠶᠠᠴᠢᠨ ᠡᠷᠦᠬᠡ︾ ᠶᠢᠨ ᠵᠠᠭᠪᠤᠷ ᠢᠶᠠᠷ ᠳᠠᠮᠵᠢᠭᠤᠯᠤᠨ᠂ ᠲᠥᠷᠥᠯ ᠵᠦᠢᠯ ᠢ

ᠰᠤᠳᠤᠯᠤᠨ ᠨᠡᠭᠡᠭᠡᠬᠦ᠂ ᠴᠢᠬᠢ ᠪᠤᠶᠢᠵᠢᠭᠤᠯᠬᠤ᠂ ᠳᠠᠷᠢᠬᠤ᠂ ᠡᠳ᠋ᠰᠢᠭᠦᠯᠬᠦ᠂ ᠬᠥᠮᠥᠷᠭᠡᠯᠡᠨ ᠬᠠᠳᠠᠭᠠᠯᠠᠬᠤ᠂ ᠪᠠᠷᠠᠭᠠᠨ ᠤ ᠭᠦᠢᠯᠭᠡᠭᠡ ᠶᠢ ᠨᠢᠭᠡ ᠴᠤᠭᠴᠠᠵᠢᠭᠤᠯᠤᠭᠰᠠᠨ

ᠯᠠᠵᠤᠤ ᠶᠢᠨ ᠪᠥᠬᠦ ᠠᠵᠤ ᠦᠢᠯᠡᠰ ᠤᠨ ᠬᠡᠯᠬᠢᠶ᠎ᠡ ᠶᠢᠨ ᠬᠥᠭᠵᠢᠯᠲᠡ ᠶᠢᠨ ᠪᠠᠶᠢᠷᠢᠰᠢᠯ ᠢ ᠠᠯᠬᠤᠮ ᠠᠯᠬᠤᠮ ᠢᠶᠠᠷ ᠪᠣᠶ ᠪᠣᠯᠭᠠᠵᠤ᠂ ᠡᠷᠬᠢᠨ ᠲᠣᠭᠤᠷᠢᠨ ᠤ ᠣᠯᠠᠨ

ᠲᠦᠮᠡᠨ ᠢ ᠨᠥᠯᠥᠭᠡᠯᠡᠨ ᠳᠠᠶᠢᠴᠢᠯᠠᠵᠤ ᠯᠠᠵᠤᠤ 3 ᠲᠦᠮᠡ ᠭᠠᠷᠤᠶ ᠮᠥ ᠳᠠᠷᠢᠪᠠ᠃

2.jpg

      ᠡᠯ ᠳ᠋ᠤᠤ ᠴᠢᠶᠣᠤ ᠪᠠᠯᠭᠠᠰᠤᠨ ᠤ ᠨᠠᠮ ᠤᠨ ᠬᠤᠷᠢᠶᠠᠨ ᠤ ᠳᠡᠳ᠋ ᠱᠦᠵᠢ ᠯᠢ ᠰᠢᠶᠦ᠋ᠩ ᠹᠸᠢ

      ᠮᠠᠨ ᠤ ᠯᠠᠵᠤᠤ ᠲᠠᠷᠢᠵᠦ ᠨᠢᠭᠡᠳᠦᠯᠲᠡᠢ ᠲᠠᠷᠢᠶᠠᠯᠠᠩ ᠤᠨ ᠦᠢᠯᠡᠳᠪᠦᠷᠢᠯᠡᠯ ᠤᠨ ᠬᠡᠷᠡᠭᠰᠡᠯ ᠢ ᠬᠤᠳᠠᠯᠳᠤᠨ ᠠᠪᠬᠤ᠂ ᠨᠢᠭᠡᠳᠦᠯᠲᠡᠢ ᠮᠧᠬᠠᠨᠢᠭᠵᠢᠭᠤᠯᠤᠨ

ᠠᠵᠢᠯᠯᠠᠬᠤ᠂ ᠨᠢᠭᠡᠳᠦᠯᠲᠡᠢ ᠡᠪᠡᠳᠴᠢᠨ ᠬᠤᠷᠣᠬᠠᠢ ᠶᠢᠨ ᠬᠥᠨᠥᠭᠡᠯ ᠢ ᠰᠡᠷᠭᠡᠶᠢᠯᠡᠨ ᠵᠠᠰᠠᠬᠤ᠂ ᠨᠢᠭᠡᠳᠦᠯᠲᠡᠢ ᠥᠨᠳᠥᠷ ᠤᠨᠠᠯᠲᠠ ᠲᠠᠢ ᠮᠡᠷᠭᠡᠵᠢᠯ᠂ ᠨᠢᠭᠡᠳᠦᠯᠲᠡᠢ

ᠵᠠᠬᠢᠶᠠᠯᠠᠭ᠎ᠠ ᠶᠢᠨ ᠠᠷᠭ᠎ᠠ ᠪᠠᠷ ᠪᠣᠷᠣᠯᠠᠭᠤᠯᠬᠤ ᠶᠢᠨ ᠬᠠᠮᠲᠤ ᠬᠠᠳᠤᠨ ᠭᠤᠣᠯ ᠤᠨ ᠤᠰᠤ ᠶᠢ ᠰᠢᠭᠤᠳ ᠱᠦᠭᠦᠬᠦ ᠤᠰᠤ ᠪᠤᠷᠳᠤᠭᠤᠷ ᠢ ᠨᠢᠭᠡ ᠴᠤᠬᠴᠠᠵᠢᠭᠤᠯᠤᠬᠰᠠᠨ

ᠣᠶᠤᠨᠴᠢ ᠡᠵᠡᠮᠰᠢᠯ ᠤᠨ ᠰᠢᠰᠲ᠋ᠧᠮ ᠢ ᠢᠵᠢ ᠪᠦᠷᠢᠳᠦᠭᠦᠯᠵᠦ᠂ ᠮᠦ ᠪᠦᠷᠢ ᠶᠢᠨ ᠤᠨᠠᠯᠲᠠ 15% ᠪᠠᠷ ᠳᠡᠭᠡᠭᠰᠢᠯᠡᠵᠦ᠂ ᠤᠰᠤ ᠠᠷᠪᠢᠯᠠᠬᠤ 15% ᠪᠠᠷ ᠨᠡᠮᠡᠭᠳᠡᠵᠦ᠂

ᠮᠦ ᠪᠦᠷᠢ ᠶᠢᠨ ᠳᠤᠮᠳᠠᠴᠢ ᠣᠷᠣᠯᠭ᠎ᠠ 2000 ᠲᠥᠭᠦᠷᠢᠭ ᠣᠷᠴᠢᠮ ᠨᠡᠮᠡᠭᠳᠡᠪᠡ᠃

      ᠬᠠᠩᠭᠢᠨ ᠬᠤᠶᠢᠲᠤ ᠬᠤᠰᠢᠭᠤᠨ ᠤ ᠤᠰᠤ ᠰᠢᠷᠣᠢ ᠶᠢᠨ ᠬᠡᠷᠡᠯ ᠢᠯᠴᠢ ᠶᠢᠨ ᠡᠬᠢ ᠪᠠᠶᠠᠯᠢᠭ ᠡᠯᠪᠡᠭ ᠳᠡᠯᠪᠡᠭ᠂ ᠦᠢᠯᠡᠳᠪᠦᠷᠢᠯᠡᠭᠰᠡᠨ ᠯᠠᠵᠤᠤ ᠶᠢᠨ ᠥᠩᠭᠡ ᠨᠢ

ᠤᠯᠠᠭᠠᠨ ᠬᠡᠷᠡᠯ ᠲᠤᠩᠭᠠᠯᠠᠭ᠂ ᠮᠢᠬ᠎ᠠ ᠨᠢ ᠳᠦᠭᠦᠷᠡᠩ᠂ ᠠᠩᠬᠢᠯᠤᠮ᠎ᠠ ᠦᠨᠦᠷ ᠨᠢ ᠥᠳᠬᠡᠨ ᠪᠠᠶᠢᠳᠠᠭ᠃ ᠣᠶᠢᠷ᠎ᠠ ᠶᠢᠨ ᠵᠢᠯ ᠳᠤ᠂ ᠬᠠᠩᠭᠢᠨ ᠬᠤᠶᠢᠲᠤ

ᠬᠤᠰᠢᠭᠤᠨ ᠤ ᠪᠠᠶᠢᠳᠠᠯ ᠳᠤᠨᠢ ᠳᠣᠭᠢᠷᠠᠭᠤᠯᠤᠨ ᠯᠠᠵᠤᠤ ᠶᠢᠨ ᠠᠵᠤ ᠦᠶ᠋ᠯᠡᠰ ᠤᠨ ᠬᠥᠭᠵᠢᠯᠲᠡ ᠶᠢᠨ ᠠᠯᠬᠤᠴᠠ ᠶᠢ ᠲᠦᠷᠭᠡᠳᠬᠡᠵᠦ᠂ ᠯᠠᠵᠤᠤ ᠶᠢᠨ ᠠᠵᠤ

ᠦᠶ᠋ᠯᠡᠰ ᠤᠨ ᠣᠨᠴᠠᠯᠢᠬᠵᠢᠭᠰᠠᠨ ᠬᠡᠪᠴᠢᠶᠡᠵᠢᠭᠰᠡᠨ ᠲᠠᠸᠠᠷᠴᠢᠯᠠᠭᠰᠠᠨ ᠬᠥᠭᠵᠢᠯᠲᠡ ᠶᠢ ᠳᠥᠯᠭᠢᠨ ᠠᠬᠢᠭᠤᠯᠵᠤ᠂ ᠯᠠᠵᠤᠤ ᠨᠢ ᠨᠢᠭᠡᠨᠲᠡ ᠴᠢᠬᠤᠯᠠ ᠠᠵᠤ ᠠᠬᠤᠶ ᠶᠢᠨ

ᠲᠠᠷᠢᠮᠠᠯ ᠪᠣᠯᠵᠣ᠂ ᠪᠥᠬᠦ ᠬᠤᠰᠢᠭᠤᠨ ᠤ ᠲᠠᠷᠢᠶᠠᠯᠠᠩ ᠤᠨ ᠠᠵᠤ ᠦᠶ᠋ᠯᠡᠰ ᠤᠨ ᠪᠦᠲᠦᠴᠡ ᠶᠢᠨ ᠰᠢᠯᠢᠳᠡᠭᠵᠢᠨ ᠲᠠᠰ ᠳᠡᠪᠰᠢᠬᠦ ᠶᠢ ᠬᠦᠴᠦᠲᠡᠶ ᠳᠥᠯᠭᠢᠨ ᠠᠬᠢᠭᠤᠯᠪᠠ᠃

ᠵᠢᠯ ᠪᠦᠷᠢ ᠶᠢᠨ ᠯᠠᠵᠤᠤ ᠳᠠᠷᠢᠬᠤ ᠲᠠᠯᠠᠪᠠᠶ ᠶᠢ 10 ᠲᠦᠮᠡᠨ ᠮᠥ ᠠᠴᠠ ᠳᠡᠭᠡᠭᠰᠢ ᠲᠣᠭᠲᠠᠪᠤᠷᠢᠵᠢᠭᠤᠯᠵᠤ᠂ ᠯᠠᠵᠤᠤ ᠶᠢᠨ ᠴᠢᠬᠢ ᠪᠤᠶᠢᠵᠢᠭᠤᠯᠬᠤ᠂ ᠳᠠᠷᠢᠬᠤ

ᠬᠠᠮᠲᠤᠷᠠᠯᠴᠠᠭᠠᠨ ᠤ ᠵᠣᠬᠢᠶᠠᠨ ᠪᠠᠶᠢᠭᠤᠯᠤᠯᠲᠠ 60 ᠪᠣᠯᠲᠠᠯ᠎ᠠ ᠬᠥᠭᠵᠢᠭᠦᠯᠵᠦ᠂ ᠡᠳ᠋ᠰᠢᠭᠦᠯᠦᠨ ᠦᠢᠯᠡᠳᠪᠦᠷᠢᠯᠡᠬᠦ ᠠᠵᠤ ᠠᠬᠤᠶᠢᠯᠠᠯ 15 ᠪᠣᠯᠵᠤ᠂ ᠭᠠᠷᠤᠯᠲᠠ ᠨᠢ

16 ᠲᠦᠮᠡᠨ ᠲᠣᠨ ᠳᠤ ᠬᠦᠷᠴᠦ᠂ ᠯᠠᠵᠤᠤ ᠶᠢᠨ ᠠᠵᠤ ᠦᠢᠯᠡᠰ ᠤᠨ ᠬᠡᠯᠬᠢᠶ᠎ᠡ ᠶᠢᠨ ᠦᠢᠯᠡᠳᠬᠦᠨ ᠤ ᠥᠷᠲᠡᠭ ᠨᠢ 5 ᠳ᠋ᠦᠩᠰᠢᠭᠤᠷ ᠲᠥᠭᠦᠷᠢᠭ ᠢ ᠳᠠᠪᠠᠵᠤ᠂

ᠯᠠᠵᠤᠤ ᠶᠢᠨ ᠠᠵᠤ ᠦᠢᠯᠡᠰ ᠨᠢ ᠨᠢᠭᠡᠨᠲᠡ ᠮᠠᠨ ᠤ ᠬᠤᠰᠢᠭᠤᠨ ᠤ ᠠᠷᠠᠳ ᠢ ᠪᠠᠶᠠᠵᠢᠭᠤᠯᠬᠤ ᠠᠵᠤ ᠦᠢᠯᠡᠰ ᠪᠣᠯᠤᠭᠰᠠᠨ ᠪᠠᠶᠢᠨ᠎ᠠ᠃

ᠢᠷᠡᠯᠲᠡ᠄ ᠬᠠᠩᠭᠢᠨ ᠬᠤᠶᠢᠲᠤ ᠬᠤᠰᠢᠭᠤᠨ ᠤ ᠠᠷᠠᠳ ᠤᠨ ᠵᠠᠰᠠᠭ ᠤᠨ ᠣᠷᠳᠤᠨ