ᠱᠠᠮᠪᠡ ᠶᠢᠨ ᠠᠮᠲᠠᠲᠤ ᠢᠳᠡᠭᠡᠨ ᠭᠠᠭ᠋ᠠᠢ ᠶᠢᠨ ᠮᠢᠬ᠎ᠠ ᠲᠠᠢ ᠢᠰᠭᠡᠭᠰᠡᠨ ᠴᠠᠭᠠᠨ ᠨᠤᠭᠤᠭ᠎ᠠ
ᠨᠡᠶᠢᠲᠡᠯᠡᠭᠰᠡᠨ ᠴᠠᠭ᠄
2025/1/24
      ᠭᠠᠭ᠋ᠠᠢ ᠶᠢᠨ ᠮᠢᠬ᠎ᠠ ᠲᠠᠢ ᠢᠰᠭᠡᠭᠰᠡᠨ ᠴᠠᠭᠠᠨ ᠨᠤᠭᠤᠭ᠎ᠠ ᠨᠢ ᠪᠣᠷᠣᠲᠣᠬᠤᠶ ᠶᠢᠨ ᠭᠠᠵᠠᠷ ᠣᠷᠣᠨ ᠳᠤ ᠨᠢᠭᠡᠨᠲᠡ ᠵᠠᠭᠤ ᠭᠠᠷᠤᠶ ᠵᠢᠯ ᠤᠨ ᠲᠡᠤᠬᠡ ᠲᠠᠢ᠂ ᠭᠤᠤᠯ ᠤᠨ ᠲᠤᠬᠤᠢ ᠶᠢᠨ ᠭᠠᠵᠠᠷ ᠣᠷᠣᠨ ᠤ ᠬᠥᠷᠥᠰᠥ ᠰᠢᠷᠣᠶ ᠥᠩ ᠰᠢᠮᠡᠯᠢᠭ᠂ ᠡᠳ᠋ ᠭᠠᠷᠤᠯᠲᠠ ᠡᠯᠪᠡᠭ ᠪᠣᠯᠬᠤᠷ ᠲᠡᠵᠢᠭᠡᠭᠰᠡᠨ ᠭᠠᠭ᠋ᠠᠶ ᠶᠢᠨ ᠲᠠᠷᠭᠤ ᠬᠦᠴᠦ ᠨᠢ ᠴᠢᠩᠭ᠎ᠠ᠂ ᠮᠢᠬᠠᠯᠠᠭᠤᠯᠤᠭᠰᠠᠨ ᠴᠠᠭᠠᠨ ᠨᠣᠭᠤᠭ᠎ᠠ ᠨᠢ ᠬᠠᠲᠤᠨ ᠭᠤᠤᠯ ᠤᠨ ᠤᠰᠤᠨ ᠤ ᠭᠦᠢᠴᠡᠳ ᠤᠰᠤᠯᠠᠯᠲᠠ ᠪᠠ ᠭᠦᠢᠴᠡᠳ ᠨᠡᠷᠡᠨ ᠤ ᠭᠡᠷᠡᠯ ᠠᠴᠠ ᠪᠣᠯᠤᠭᠰᠠᠨ ᠶᠤᠮ᠃ ᠤᠷᠲᠤ ᠴᠠᠭᠠᠨ ᠨᠣᠭᠤᠭ᠎ᠠ ᠳᠠᠪᠤᠰᠤᠯᠠᠭᠰᠠᠨ ᠨᠢ ᠥᠩᠭᠡ ᠨᠢ ᠨᠣᠭᠤᠭᠠᠨ᠂ ᠤᠰᠤ ᠨᠢ ᠡᠯᠪᠡᠭ ᠠᠭᠤᠯᠠᠳᠠᠭ ᠪᠣᠯᠬᠤᠷ ᠭᠠᠭ᠋ᠠᠢ ᠶᠢᠨ ᠮᠢᠬ᠎ᠠ ᠬᠠᠭᠤᠷᠴᠤ ᠳᠦᠩᠨᠡᠬᠦ ᠳᠤ ᠬᠠᠮᠤᠭ ᠤᠨ ᠲᠣᠬᠢᠷᠠᠮᠵᠢᠲᠠᠢ᠃       ᠬᠠᠩᠭᠢᠨ ᠬᠤᠶᠢᠲᠤ ᠬᠤᠰᠢᠭᠤᠨ ᠤ ᠭᠠᠭ᠋ᠠᠢ ᠶᠢᠨ ᠮᠢᠬ᠎ᠠ ᠲᠠᠢ ᠢᠰᠭᠡᠭᠰᠡᠨ ᠴᠠᠭᠠᠨ ᠨᠤᠭᠤᠭ᠎ᠠ ᠪᠣᠯ ᠤᠯᠠᠮᠵᠢᠯᠠᠯᠲᠤ ᠥᠪᠥᠷ ᠮᠣᠩᠭᠤᠯ ᠤᠨ ᠪᠠᠷᠠᠭᠤᠨ ᠬᠤᠶᠢᠲᠤ ᠬᠡᠰᠡᠭ ᠤᠨ ᠵᠠᠭᠤᠰᠢ ᠪᠠᠶᠢᠵᠤ᠂ ᠭᠠᠭ᠋ᠠᠢ ᠶᠢᠨ ᠮᠢᠬ᠎ᠠ᠂ ᠢᠰᠬᠦᠯᠡᠩ ᠨᠣᠭᠤᠭ᠎ᠠ᠂ ᠲᠥᠮᠥᠰᠥ ᠪᠠ ᠹᠧᠨᠲ᠋ᠢᠶᠣᠤᠷ ᠢᠶᠠᠷ ᠭᠤᠣᠯ ᠢᠳᠡᠭᠡᠨ ᠤ ᠮᠠᠲ᠋ᠧᠷᠢᠶᠠᠯ ᠪᠣᠯᠭᠠᠳᠠᠭ᠃ ᠡᠨᠡᠬᠦ ᠱᠥᠯᠥ ᠨᠢ ᠥᠳᠬᠡᠨ᠂ ᠶᠠᠰᠤ ᠨᠢ ᠰᠢᠮ᠎ᠡ ᠲᠠᠢ ᠪᠥᠭᠡᠳ ᠱᠠᠩᠳᠠᠭᠤᠨ ᠦᠭᠡᠢ᠂ ᠢᠰᠬᠦᠯᠡᠩ ᠠᠮᠲᠠ ᠨᠢ ᠰᠠᠢᠬᠠᠨ᠂ ᠵᠥᠭᠡᠯᠡᠨ ᠲᠦᠮᠦᠰᠦ ᠪᠣᠯᠣᠨ ᠭᠤᠯᠭᠤᠭᠤᠷ ᠹᠧᠨᠲ᠋ᠢᠶᠣᠤᠷ ᠲᠠᠢ ᠲᠣᠬᠢᠷᠠᠭᠤᠯᠪᠠᠯ ᠤᠯᠠᠮ ᠠᠮᠲᠠ ᠪᠠᠷ ᠰᠠᠶᠢᠬᠠᠨ᠃ ᠢᠯᠠᠩᠭᠤᠶ᠎ᠠ ᠪᠠᠷᠠᠭᠤᠨ ᠪᠥᠰᠡ ᠨᠤᠲᠤᠭ ᠤᠨ ᠬᠠᠬᠢᠷ ᠬᠦᠢᠲᠡᠨ ᠡᠪᠦᠯ ᠤᠨ ᠴᠠᠭ ᠲᠤ ᠡᠨᠡ ᠵᠠᠭᠤᠰᠢ ᠨᠢ ᠰᠢᠮ᠎ᠡ ᠲᠡᠵᠢᠭᠡᠯ ᠢ ᠬᠠᠩᠭᠠᠵᠤ᠂ ᠪᠠᠷᠠᠭᠤᠨ ᠪᠥᠰᠡ ᠨᠤᠲᠤᠭ ᠤᠨ ᠠᠷᠠᠳ ᠲᠦᠮᠡᠨ ᠤ ᠪᠠᠭ᠋ᠠᠷᠬᠠᠯ ᠢ ᠲᠠᠲᠠᠨ᠎ᠠ᠃      ᠡᠨᠡᠬᠦ ᠬᠠᠩᠭᠢᠨ ᠬᠤᠶᠢᠲᠤ ᠬᠤᠰᠢᠭᠤᠨ ᠤ ᠭᠠᠭ᠋ᠠᠢ ᠶᠢᠨ ᠮᠢᠬ᠎ᠠ ᠲᠠᠢ ᠢᠰᠭᠡᠭᠰᠡᠨ ᠴᠠᠭᠠᠨ ᠨᠤᠭᠤᠭ᠎ᠠ ᠬᠠᠭᠤᠷᠬᠤ ᠠᠯᠬᠤᠮ ᠳᠠᠷᠠᠭ᠎ᠠ ᠨᠢ ᠳᠣᠣᠷᠠᠬᠢ ᠮᠡᠲᠦ᠄      1. ᠪᠡᠯᠡᠳᠭᠡᠬᠦ ᠲᠦᠭᠦᠬᠡᠢ ᠨᠤᠭᠤᠭ᠎ᠠ᠄ ᠭᠠᠭ᠋ᠠᠢ ᠶᠢᠨ ᠶᠠᠰᠤ᠂ ᠲᠥᠮᠥᠰᠥ᠂ ᠰᠣᠩᠭᠢᠨ᠎ᠠ᠂ ᠭᠠ᠂ ᠰᠠᠷᠢᠮᠰᠠᠭ᠂ ᠭᠠᠪᠢᠷ᠎ᠠ ᠶᠢᠨ ᠬᠠᠯᠢᠰᠦ᠂ ᠳ᠋ᠠᠯᠢᠶᠣᠤ᠂ ᠠᠮᠲᠠ ᠣᠷᠣᠭᠤᠯᠤᠭᠰᠠᠨ ᠠᠷᠢᠬᠢ᠂ ᠮᠥᠰᠥᠨ ᠰᠢᠬᠢᠷ᠂ ᠵᠠᠩᠶᠥᠦ᠂ ᠢᠰᠬᠡᠭᠰᠡᠨ ᠨᠣᠭᠤᠭ᠎ᠠ ᠪᠠ ᠹᠧᠨᠲ᠋ᠢᠶᠣᠤᠷ᠃      2. ᠬᠡᠷᠴᠢᠭᠰᠡᠨ ᠶᠠᠰᠤ ᠪᠠᠨ ᠪᠤᠴᠠᠯᠭᠠᠭᠤᠷ ᠤᠨ ᠤᠰᠤᠨ ᠳᠤ ᠬᠢᠵᠦ᠂ ᠰᠤᠩᠬᠢᠨ᠎ᠠ᠂ ᠭᠠ᠂ ᠰᠠᠷᠢᠮᠰᠠᠭ ᠵᠡᠷᠭᠡ ᠶᠢ ᠬᠢᠵᠦ ᠦᠨᠦᠷ ᠢ ᠨᠢ ᠠᠪᠴᠤ  ᠱᠦᠭᠦᠨ ᠭᠠᠷᠭᠠᠭᠠᠳ ᠬᠦᠢᠲᠡᠨ ᠤᠰᠤ ᠪᠠᠷ ᠤᠭᠢᠶᠠᠨ᠎ᠠ᠃      3. ᠲᠦᠮᠦᠰᠦ ᠶᠢ ᠠᠷᠢᠯᠭᠠᠵᠤ ᠴᠠᠪᠡᠷᠯᠡᠨ ᠮᠦᠬᠦᠯᠢᠭ ᠬᠡᠷᠴᠢᠭᠡᠳ ᠬᠤᠭᠤᠯᠠᠨ ᠳᠤ ᠬᠢᠬᠦ ᠪᠠᠷ ᠪᠡᠯᠡᠨ ᠪᠣᠯᠭᠠᠨ᠎ᠠ᠃      4. ᠬᠠᠯᠠᠭᠤᠨ ᠲᠣᠭᠤᠭᠠᠨ ᠳᠤ ᠵᠣᠬᠢᠬᠤ ᠬᠡᠮᠵᠢᠶᠡᠨ ᠤ ᠲᠣᠰᠣ ᠬᠢᠵᠦ᠂ ᠭᠠᠪᠢᠷ᠎ᠠ ᠶᠢᠨ ᠬᠠᠯᠢᠰᠤ᠂ ᠳ᠋ᠠᠯᠢᠶᠣᠤ ᠪᠣᠯᠣᠨ ᠰᠠᠷᠢᠮᠰᠠᠭ ᠵᠡᠷᠭᠡ ᠶᠢ ᠬᠢᠵᠦ ᠠᠩᠭᠢᠯᠤᠮ᠎ᠠ ᠦᠨᠦᠷ ᠣᠷᠤᠭᠤᠯᠤᠨ᠎ᠠ᠃      5. ᠬᠠᠪᠢᠷᠭ᠎ᠠ ᠶᠠᠰᠤ ᠪᠠᠨ ᠲᠤᠭᠤᠭᠠᠨ ᠳᠤ ᠪᠠᠨ ᠬᠢᠵᠦ ᠲᠦᠷᠭᠡᠨ ᠬᠠᠭᠤᠷᠴᠤ ᠠᠮᠲᠠ ᠣᠷᠤᠭᠤᠯᠤᠨ᠂ ᠳᠠᠷᠠᠭ᠎ᠠ ᠨᠢ ᠲᠥᠮᠥᠰᠥ ᠪᠠᠨ ᠬᠢᠵᠦ ᠬᠠᠭᠤᠷᠤᠨ᠎ᠠ᠃      6. ᠵᠣᠬᠢᠬᠤ ᠬᠡᠮᠵᠢᠶᠡᠨ ᠤ ᠠᠮᠲᠠ ᠣᠷᠣᠭᠤᠯᠤᠭᠰᠠᠨ ᠠᠷᠢᠬᠢ᠂ ᠮᠥᠰᠥᠨ ᠰᠢᠬᠢᠷ ᠪᠣᠯᠤᠨ ᠵᠠᠩᠶᠥᠦ ᠬᠢᠵᠦ  ᠦᠩᠭᠡ ᠣᠷᠣᠭᠤᠯᠤᠨ ᠠᠮᠲᠠ ᠶᠢ ᠰᠠᠶᠢᠵᠢᠷᠠᠭᠤᠯᠤᠨ᠎ᠠ᠃      7.  ᠪᠡᠯᠡᠳᠭᠡᠵᠦ ᠬᠡᠷᠴᠢᠭᠰᠡᠨ ᠢᠰᠬᠦᠯᠡᠩ ᠨᠣᠭᠤᠭ᠎ᠠ ᠪᠠᠨ ᠭᠠᠭ᠋ᠠᠢ ᠶᠢᠨ ᠶᠠᠰᠤᠨ ᠳᠡᠭᠡᠷ᠎ᠡ ᠵᠢᠭᠳᠡ ᠳᠡᠪᠢᠰᠴᠦ᠂ ᠵᠣᠬᠢᠬᠤ ᠬᠡᠮᠵᠢᠶᠡᠨ ᠤ ᠬᠦᠢᠲᠡᠨ ᠤᠰᠤ ᠬᠢᠵᠦ ᠂ ᠤᠰᠤᠨ ᠤ ᠬᠡᠮᠵᠢᠶ᠎ᠡ ᠨᠢ ᠬᠠᠭᠤᠷᠤᠭᠰᠠᠨ ᠮᠢᠬ᠎ᠠ ᠪᠠᠨ ᠲᠠᠪᠠᠭᠤᠯᠬᠤ ᠦᠭᠡᠢ ᠪᠠᠶᠢᠯᠭᠠᠬᠤ ᠨᠢ ᠶᠤᠬᠢᠰᠲᠠᠢ᠃      8.  ᠳᠤᠮᠳᠠ ᠵᠡᠷᠭᠡ ᠶᠢᠨ ᠭᠠᠯ ᠢᠶᠠᠷ ᠪᠤᠴᠠᠯᠠᠭᠰᠠᠨ ᠤ ᠰᠡᠭᠦᠯᠡᠷ ᠰᠣᠩᠬᠢᠨ᠎ᠠ ᠭᠠ ᠵᠡᠷᠭᠡ ᠶᠢ ᠬᠢᠵᠦ ᠠᠮᠲᠠ ᠣᠷᠣᠭᠤᠯᠬᠤ ᠶᠢᠨ ᠬᠠᠮᠲᠤ ᠹᠧᠨᠲ᠋ᠢᠶᠣᠤᠷ ᠢᠶᠠᠨ ᠬᠢᠨ᠎ᠡ᠃      9.  ᠲᠠᠬᠢᠨ ᠵᠢᠵᠢᠭ ᠭᠠᠯ ᠢᠶᠠᠷ ᠬᠤᠷᠢᠨ ᠲᠠᠪᠤᠨ ᠮᠢᠨᠦ᠋ᠲ ᠴᠢᠨᠠᠭᠰᠠᠨ ᠤ ᠰᠡᠭᠦᠯᠡᠷ ᠬᠠᠪᠢᠷᠭ᠎ᠠ ᠪᠠ ᠶᠠᠰᠤ ᠶᠢ ᠨᠢ ᠭᠦᠢᠴᠡᠳ ᠪᠣᠯᠠᠵᠤ᠂ ᠹᠧᠨᠲ᠋ᠢᠶᠣᠤᠷ ᠲᠦᠮᠦᠰᠦ ᠢ ᠨᠢ ᠵᠦᠭᠡᠯᠡᠷᠡᠭᠦᠯᠦᠨ᠎ᠡ᠃     10. ᠬᠠᠭᠤᠷᠤᠭᠠᠳ ᠱᠥᠯᠥ ᠪᠠᠢᠬᠤ ᠦᠭᠡᠢ ᠪᠣᠯᠬᠤ ᠦᠶᠡᠰ ᠲᠤ ᠭᠠᠯ ᠢᠶᠠᠨ ᠤᠨᠲᠠᠷᠠᠭᠠᠵᠤ ᠵᠢᠵᠢᠭ ᠰᠤᠩᠭᠢᠨ᠎ᠠ ᠦᠷᠡᠨ ᠦᠵᠡᠮᠦᠷᠢ ᠤᠷᠤᠭᠤᠯᠵᠤ ᠢᠳᠡᠬᠦ ᠪᠠᠷ ᠪᠡᠯᠡᠨ ᠪᠣᠯᠭᠠᠨ᠎ᠠ᠃
11.jpg   
22.jpg
33.jpg
44.jpg
   
ᠢᠷᠡᠯᠲᠡ᠄ ᠲᠤᠰ ᠰᠦᠯᠵᠢᠶ᠎ᠡ