ᠱᠣᠣᠮᠠᠢ ᠪᠣᠯ ᠬᠠᠩᠭᠢᠨ ᠬᠤᠶᠢᠲᠤ ᠬᠤᠰᠢᠭᠤᠨ ᠤ ᠤᠯᠠᠮᠵᠢᠯᠠᠭᠳᠠᠵᠤ ᠢᠷᠡᠭᠰᠡᠨ ᠠᠮᠲᠠᠲᠤ ᠢᠳᠡᠭᠡᠨ ᠪᠣᠯᠤᠨ᠎ᠠ᠃ ᠮᠢᠬ᠎ᠠ ᠨᠢ ᠰᠢᠨ᠎ᠡ ᠰᠣᠷᠭᠤᠭ ᠬᠤᠨᠢᠨ ᠤ | ᠮᠢᠬ᠎ᠠ ᠪᠠᠷ ᠬᠢᠭᠰᠡᠨ ᠪᠥᠭᠡᠳ ᠪᠤᠷᠣ ᠲᠤᠬᠠᠢ ᠶᠢᠨ ᠪᠤᠭᠤᠳᠠᠢ ᠶᠢᠨ ᠭᠤᠯᠢᠷ ᠢᠶᠠᠷ ᠨᠤᠬᠤᠵᠤ ᠭᠠᠷᠭᠠᠭᠰᠠᠨ ᠨᠢᠮᠭᠡᠨ ᠱᠣᠣᠮᠠᠢ ᠶᠢᠨ ᠬᠠᠯᠢᠰᠤ᠂ ᠰᠣᠩᠭᠢᠨ᠎ᠠ ᠭᠠ ᠵᠡᠷᠭᠡ | ᠠᠮᠲᠠ ᠤᠷᠣᠭᠤᠯᠣᠭᠴᠢ ᠪᠠᠷ ᠠᠮᠲᠠ ᠶᠢ ᠨᠢ ᠲᠤᠬᠢᠷᠠᠭᠤᠯᠤᠭᠰᠠᠨ ᠪᠠᠶᠢᠨ᠎ᠠ᠃ ᠱᠣᠣᠮᠠᠢ ᠶᠢᠨ ᠦᠨᠦᠷ ᠠᠩᠬᠢᠯᠤᠮ᠎ᠠ᠂ ᠬᠠᠯᠢᠰᠤ ᠨᠢ ᠭᠢᠯᠠᠭᠠᠷ ᠲᠤᠩᠭᠠᠯᠠᠭ᠂ ᠠᠮᠲᠠ | ᠰᠢᠮᠲᠡ ᠨᠢ ᠨᠢᠯᠠᠭᠤᠷᠠᠬᠤ ᠦᠭᠡᠢ᠂ ᠢᠳᠡᠬᠦ ᠳᠤ ᠱᠥᠯᠥᠷᠬᠡᠭ ᠰᠠᠶᠢᠬᠠᠨ ᠠᠮᠲᠠᠲᠠᠢ᠃ ᠢᠳᠡᠬᠦ ᠪᠣᠯᠭᠠᠨ ᠳᠤ ᠰᠢᠨ᠎ᠡ ᠰᠤᠷᠭᠤᠭ ᠬᠤᠨᠢᠨ ᠮᠢᠬᠠᠨ ᠠᠮᠲᠠ ᠠᠮᠲᠠᠭᠲᠠᠵᠤ᠂ | ᠪᠤᠷᠣ ᠲᠤᠬᠠᠢ ᠶᠢᠨ ᠣᠷᠣᠨ ᠤ ᠥᠪᠡᠷ ᠤᠨ ᠲᠠᠷᠢᠭᠰᠠᠨ ᠪᠤᠭᠤᠲᠠᠢ ᠶᠢᠨ ᠭᠤᠯᠢᠷ ᠰᠢᠮ᠎ᠡ ᠲᠡᠵᠢᠭᠡᠯ ᠢᠶᠠᠷ ᠡᠯᠪᠡᠭ ᠪᠠᠶᠢᠵᠤ᠂ ᠣᠯᠠᠨ ᠬᠦᠮᠦᠰ ᠤᠨ ᠰᠣᠨᠢᠷᠬᠠᠯ ᠢ ᠲᠠᠲᠠᠨ᠎ᠠ | ᠃ | | ᠱᠣᠣᠮᠠᠢ ᠬᠢᠬᠦ ᠠᠯᠬᠤᠮ ᠳᠠᠷᠠᠭ᠎ᠠ᠄ | ᠭᠤᠯᠢᠷ᠂ ᠳᠠᠪᠤᠰᠤ᠂ ᠲᠣᠰᠣ ᠪᠠᠨ ᠭᠠᠳᠠᠷ ᠲᠤ ᠬᠢᠵᠦ᠂ ᠤᠷᠢᠳ ᠢᠶᠠᠷ ᠪᠤᠴᠠᠯᠤᠭᠰᠠᠨ ᠤᠰᠤ ᠪᠠᠷ ᠲᠦᠷᠭᠡᠨ ᠵᠢᠭᠤᠷᠠᠭᠰᠠᠨ ᠤ ᠳᠠᠷᠠᠭ᠎ᠠ ᠬᠦᠢᠲᠡᠨ ᠤᠰᠤ | ᠬᠢᠵᠦ ᠵᠥᠭᠡᠯᠡᠨ ᠨᠤᠬᠤᠨ ᠭᠦᠯᠢᠭᠡᠷ ᠰᠠᠶᠢᠬᠠᠨ ᠨᠠᠶᠢᠷᠠᠭᠤᠯᠵᠤ ᠲᠠᠯᠪᠢᠨ᠎ᠡ᠃ ᠨᠠᠶᠢᠷᠠᠭᠤᠯᠤᠭᠰᠠᠨ ᠭᠤᠯᠢᠷ ᠳᠡᠭᠡᠷ᠎ᠡ ᠪᠠᠨ ᠨᠤᠶᠢᠲᠠᠨ ᠠᠯᠴᠢᠭᠤᠷ ᠲᠠᠯᠪᠢᠵᠦ ᠬᠦᠷᠦᠰᠦ ᠶᠢ | ᠨᠢ ᠬᠠᠳᠠᠬᠤ ᠠᠴᠠ ᠰᠡᠷᠭᠡᠶᠢᠯᠡᠬᠦ ᠮᠥᠷᠲᠡᠭᠡᠨ ᠤᠯᠠᠮ ᠰᠠᠶᠢᠬᠠᠨ ᠨᠠᠶᠢᠷᠠᠭᠤᠯᠬᠤ ᠴᠠᠭ ᠦᠭᠭᠦᠨ᠎ᠡ᠃ | ᠬᠤᠨᠢᠨ ᠮᠢᠬ᠎ᠠ ᠶᠢ ᠵᠢᠵᠢᠭ ᠳᠥᠷᠪᠡᠯᠵᠢᠨ ᠬᠡᠷᠴᠢᠵᠦ ᠳᠤᠲᠤᠷ᠎ᠠ ᠨᠢ ᠬᠤᠸᠠᠵᠤᠤ ᠲᠠᠢ ᠤᠰᠤ᠂ ᠭᠠ᠂ ᠰᠤᠩᠭᠢᠨ᠎ᠠ᠂ ᠰᠠᠷᠢᠮᠰᠠᠭ ᠵᠡᠷᠭᠡ ᠠᠮᠲᠠ | ᠣᠷᠣᠭᠤᠯᠤᠭᠴᠢ ᠬᠢᠵᠦ ᠮᠢᠬ᠎ᠠ ᠲᠠᠢ ᠨᠢ ᠬᠤᠳᠬᠤᠭᠰᠠᠨ ᠤ ᠳᠠᠷᠠᠭ᠎ᠠ ᠴᠠᠷᠳᠠᠭᠤᠯ ᠲᠠᠢ ᠣᠰᠣ ᠬᠢᠵᠦ ᠠᠮᠲᠠ ᠶᠢ ᠨᠢ ᠨᠠᠶᠢᠷᠠᠭᠤᠯᠤᠨ᠎ᠠ᠃ | ᠨᠤᠬᠤᠵᠤ ᠲᠠᠯᠪᠢᠭᠰᠠᠨ ᠭᠤᠯᠢᠷ ᠢᠶᠠᠨ ᠨᠢᠮᠭᠡᠨ ᠪᠦᠭᠡᠳ ᠬᠢᠴᠡ ᠶᠢ ᠨᠢ ᠢᠯᠡᠭᠦᠦ ᠲᠤᠮᠤ ᠡᠯᠳᠡᠵᠦ ᠪᠠᠮᠠᠨ ᠨᠠᠪᠴᠢᠲᠤ ᠳᠦᠷᠰᠦ ᠲᠠᠢ ᠠᠳᠠᠯᠢ ᠪᠣᠯᠭᠠᠭᠰᠠᠨ ᠤ | ᠳᠠᠷᠠᠭ᠎ᠠ ᠨᠠᠶᠢᠷᠠᠭᠤᠯᠤᠭᠰᠠᠨ ᠮᠢᠬ᠎ᠠ ᠪᠠᠨ ᠬᠢᠵᠦ ᠠᠮᠠᠰᠠᠷ ᠨᠢ ᠵᠠᠳᠠᠭᠠᠢ ᠴᠢᠮᠬᠢᠵᠦ ᠲᠠᠯᠪᠢᠨ᠎ᠡ᠃ | ᠴᠢᠮᠬᠢᠵᠦ ᠪᠠᠷᠠᠭᠰᠠᠨ ᠱᠣᠣᠮᠠᠢ ᠪᠠᠨ ᠵᠢᠩᠨᠡᠭᠦᠷ ᠳᠡᠭᠡᠷ᠎ᠡ ᠲᠠᠯᠪᠢᠵᠦ ᠪᠤᠴᠠᠯᠠᠭᠰᠠᠨ ᠤᠰᠤᠨ ᠳᠤ 8 ᠮᠢᠨᠦ᠋ᠲ ᠵᠢᠩᠨᠡᠪᠡᠯ ᠪᠣᠯᠴᠢᠬᠠᠨ᠎ᠠ᠃ ᠬᠠᠯᠢᠰᠤ ᠨᠢᠮᠭᠡᠨ | ᠤᠴᠢᠷ ᠠᠴᠠ ᠬᠡᠳᠦ ᠤᠳᠠᠭᠠᠨ ᠵᠢᠩᠨᠡᠪᠡᠯ ᠬᠠᠯᠢᠰᠤ ᠨᠢ ᠬᠠᠭᠠᠷᠠᠬᠤ ᠠᠶᠤᠯ ᠲᠠᠢ᠃ | | | | | | | | | | | | | | | |