ᠪᠠᠷᠠᠭᠤᠨ ᠬᠠᠭᠠᠯᠭ᠎ᠠ ᠪᠠᠷ ᠶᠠᠪᠤᠭᠴᠢ - ᠴᠢᠩ ᠤᠯᠤᠰ ᠤᠨ ᠦᠶ᠎ᠡ ᠶᠢᠨ ᠨᠡᠭᠦᠳᠡᠯ ᠠᠷᠠᠳ ᠤᠨ ᠶᠡᠭᠡ ᠲᠦᠯᠦᠪ | | | | ᠴᠢᠩ ᠤᠯᠤᠰ ᠤᠨ ᠦᠶ᠎ᠡ ᠳᠤ ᠥᠨᠥ ᠶᠢᠨ ᠥᠪᠥᠷ ᠮᠣᠩᠭᠤᠯ ᠤᠨ ᠭᠠᠵᠠᠷ ᠣᠷᠣᠨ ᠳᠤ ᠠᠶᠢᠮᠠᠭ ᠬᠤᠰᠢᠭᠤᠨ ᠤ ᠪᠠᠶᠢᠭᠤᠯᠤᠮᠵᠢ ᠶᠢ ᠬᠡᠷᠡᠭᠵᠢᠭᠦᠯᠵᠦ ᠪᠠᠶᠢᠵᠠᠢ᠃ | ᠨᠠᠶᠢᠷᠠᠯᠳᠤ ᠳᠦᠪ ᠤᠨ ᠵᠢᠷᠭᠤᠳᠤᠭᠠᠷ ᠤᠨ ᠳᠤ ᠬᠦᠢᠰᠦ᠋ᠢ ᠳ᠋ᠤᠤᠯᠢ ᠶᠢ ᠪᠠᠶᠢᠭᠤᠯᠪᠠ᠃ | ︽ᠴᠢᠩ ᠤᠯᠤᠰ ᠤᠨ ᠳᠡᠤᠬᠡ ᠶᠢᠨ ᠡᠬᠡ ᠪᠢᠴᠢᠭ · ᠭᠠᠵᠠᠷ ᠵᠦᠢ ᠶᠢᠨ ᠤᠶᠢᠯᠠᠯᠭ᠎ᠠ︾ ᠳᠤ᠄ ︽ᠤᠷᠳᠤᠰ ᠪᠠᠷᠠᠭᠤᠨ ᠭᠠᠷᠤᠨ ᠬᠤᠶᠢᠳᠦ ᠬᠤᠰᠢᠭᠤᠨ ᠤ | ᠵᠡᠬᠦᠨ ᠬᠤᠶᠢᠳᠦ ᠪᠡᠶ᠎ᠡ᠂ ᠬᠤᠶᠢᠳᠤ ᠬᠢᠯᠢ ᠳᠤ ᠤᠷᠠᠳ︾ ᠭᠡᠵᠦ ᠲᠡᠮᠳᠡᠭᠯᠡᠵᠡᠢ᠃ ᠳᠡᠭᠡᠷ᠎ᠡ ᠳᠤᠷᠠᠳᠤᠭᠰᠠᠨ ᠲᠡᠦᠬᠡᠨ ᠮᠠᠲ᠋ᠧᠷᠢᠶᠠᠯ ᠢ ᠦᠨᠳᠦᠰᠦᠯᠡᠪᠡᠯ᠂ ᠣᠷᠳᠣᠰ | ᠵᠡᠭᠦᠨ ᠭᠠᠷᠤᠨ ᠬᠤᠶᠢᠲᠤ ᠬᠤᠰᠢᠭᠤ ᠪᠠ ᠣᠷᠳᠣᠰ ᠪᠠᠷᠠᠭᠤᠨ ᠭᠠᠷᠤᠨ ᠬᠤᠶᠢᠲᠤ ᠬᠤᠰᠢᠭᠤ ᠴᠥᠮ ᠤᠷᠠᠳ ᠤᠨ ᠬᠤᠶᠢᠲᠤ ᠬᠤᠰᠢᠭᠤ ᠲᠠᠢ ᠵᠠᠯᠭᠠᠯᠳᠤᠵᠤ᠂ | ᠲᠤᠬᠠᠢ ᠶᠢᠨ ᠦᠶ᠎ᠡ ᠳᠤ ᠪᠠᠷᠭᠤ ᠵᠡᠭᠦᠨ ᠭᠠᠷᠤᠨ ᠬᠤᠶᠢᠲᠤ ᠬᠤᠰᠢᠭᠤ ︵ᠰᠡᠭᠦᠯᠡᠷ ᠨᠢ ᠳᠠᠯᠠᠳ ᠬᠤᠰᠢᠭᠤ ᠭᠡᠵᠦ ᠬᠠᠯᠠᠪᠠ︶ ᠪᠠ ᠪᠠᠷᠠᠭᠤᠨ ᠭᠠᠷᠤᠨ ᠬᠤᠶᠢᠲᠤ | ᠬᠤᠰᠢᠭᠤ ︵ᠰᠡᠭᠦᠯᠡᠷ ᠨᠢ ᠬᠠᠩᠭᠢᠨ ᠬᠤᠶᠢᠲᠤ ᠬᠤᠰᠢᠭᠤ ᠭᠡᠵᠦ ᠬᠠᠯᠠᠪᠠ︶ ᠶᠢᠨ ᠬᠠᠷᠢᠶ᠎ᠠ ᠭᠠᠵᠠᠷ ︵ᠳ᠋ᠧᠩᠺᠸᠤ ᠰᠢᠶᠠᠨ ᠤ ᠬᠢᠨ ᠡᠭᠦᠨ ᠳᠤ ᠪᠠᠭᠲᠠᠬᠤ ᠦᠭᠡᠢ︶᠃ | ᠣᠳᠣ ᠶᠢᠨ ᠬᠠᠩᠭᠢᠨ ᠬᠤᠶᠢᠲᠤ ᠨᠤᠲᠤᠭ ᠪᠣᠯ ᠭᠦᠢᠰᠦ ᠶᠢᠨ ᠶᠡᠭᠡ ᠵᠣᠣ ᠠᠶᠢᠮᠠᠭ ᠤᠨ ᠣᠷᠳᠣᠰ ᠤᠨ ᠵᠡᠭᠦᠨ ᠭᠠᠷᠤᠨ ᠬᠤᠶᠢᠲᠤ ᠬᠤᠰᠢᠭᠤ ︵ᠳᠠᠯᠠᠳ ᠬᠤᠰᠢᠭᠤ︶᠂ | ᠪᠠᠷᠠᠭᠤᠨ ᠭᠠᠷᠤᠨ ᠬᠤᠶᠢᠲᠤ ᠬᠤᠰᠢᠭᠤ ︵ᠬᠠᠩᠭᠢᠨ ᠬᠤᠰᠢᠭᠤ︶ ᠶᠢᠨ ᠬᠠᠷᠢᠶ᠎ᠠ ᠭᠠᠵᠠᠷ ᠤᠨ ᠲᠤᠰ ᠲᠤᠰ ᠤᠨ ᠨᠢᠭᠡ ᠬᠡᠰᠡᠭ ᠪᠣᠯᠤᠨ᠎ᠠ᠃ 1741 ᠣᠨ ᠠᠴᠠ | ᠰᠡᠭᠦᠯᠡᠷ ᠪᠠᠶᠠᠨᠨᠠᠭᠤᠷ ᠤᠨ ᠠᠶᠢᠮᠠᠭ ᠤᠨ ᠬᠠᠷᠢᠶ᠎ᠠ ᠭᠠᠵᠠᠷ ᠨᠢ ᠠᠯᠪᠠᠲᠤ ᠲᠠᠩᠬᠢᠮ ᠳᠤ ᠬᠠᠷᠢᠶᠠᠯᠠᠭᠳᠠᠵᠤ ᠪᠠᠶᠢᠪᠠ᠃ ᠪᠠᠳᠠᠷᠠᠭᠤᠯᠲᠤ ᠲᠥᠷᠥ ᠶᠢᠨ ᠬᠤᠷᠢ | ᠶᠢᠰᠦᠳᠦᠭᠡᠷ ᠤᠨ ︵1903 ᠣᠨ︶ ᠳᠤ ᠰᠠᠭᠠᠯᠢᠴᠢᠨ ᠲᠢᠩᠬᠢᠮ ᠤᠨ ᠪᠠᠷᠠᠭᠤᠨ ᠬᠡᠰᠡᠭ ᠲᠤ ᠦᠶᠤᠸᠠᠨ ᠲᠢᠩᠬᠢᠮ ᠢ ᠪᠠᠶᠢᠭᠤᠯᠵᠤ᠂ ᠵᠠᠰᠠᠭᠴᠢ ᠨᠢ ᠥᠨᠥ ᠶᠢᠨ | ᠤᠷᠠᠳ ᠤᠨ ᠡᠮᠦᠨᠡᠲᠦ ᠬᠤᠰᠢᠭᠤᠨ ᠤ ᠶᠡᠭᠡ ᠰᠢᠭᠡᠲᠡᠢ ᠪᠠᠶᠢᠵᠤ᠂ ᠰᠡᠭᠦᠯᠡᠷ ᠨᠢ ᠯᠦᠩᠰᠢᠩ ᠴᠠᠩ ︵ᠥᠨᠥ ᠶᠢᠨ ᠦᠶᠤᠸᠠᠨ ᠰᠢᠶᠠᠨ ᠤ ᠵᠠᠰᠠᠭ ᠤᠨ ᠣᠷᠳᠣᠨ ᠤ | ᠪᠠᠶᠢᠭ᠎ᠠ ᠭᠠᠵᠠᠷ︶ ᠳᠤ ᠨᠡᠭᠦᠵᠦ᠂ ᠬᠠᠩᠵᠧᠦ ᠶᠢᠨ ᠬᠤᠶᠢᠲᠤ ᠬᠡᠰᠡᠭ ᠲᠤ ᠦᠶᠤᠸᠠᠨ ᠲᠢᠩᠬᠢᠮ ᠳᠤ ᠬᠠᠷᠢᠶᠠᠯᠠᠭᠳᠠᠪᠠ᠃ | ᠴᠢᠩ ᠤᠯᠤᠰ ᠤᠨ ᠡᠬᠢᠨ ᠤ ᠦᠶ᠎ᠡ ᠳᠤ ᠬᠢᠵᠠᠭᠠᠷ ᠣᠷᠣᠨ ᠢ ᠴᠠᠭᠠᠵᠠᠯᠠᠬᠤ ᠲᠥᠷᠥ ᠶᠢᠨ ᠪᠣᠳᠣᠯᠭ᠎ᠠ ᠶᠢ ᠬᠡᠷᠡᠭᠵᠢᠭᠦᠯᠵᠦ᠂ ᠮᠣᠩᠭᠤᠯ ᠬᠢᠲᠠᠳ ᠵᠠᠭᠠᠭ | ᠱᠤᠭᠤᠮ ᠢ ᠵᠠᠭᠠᠭᠯᠠᠨ ᠲᠣᠭᠲᠠᠭᠠᠵᠤ᠂ ᠦᠨᠳᠦᠰᠦᠲᠡᠨ ᠤ ᠲᠤᠰᠠᠭᠠᠷ ᠲᠣᠭᠲᠠᠨᠢᠯ ᠤᠨ ᠰᠠᠨᠠᠭ᠎ᠠ ᠪᠣᠯᠭᠠᠵᠠᠢ᠃ ᠲᠡᠭᠷᠢ ᠲᠡᠳᠬᠦᠭᠴᠢ ᠶᠢᠨ ᠰᠡᠭᠦᠯᠴᠢ ᠶᠢᠨ ᠣᠨ ᠳᠤ ︽ | ᠴᠢᠩ ᠤᠯᠤᠰ ᠤᠨ ᠲᠡᠦᠬᠡᠨ ᠡᠬᠡ ᠪᠢᠴᠢᠭ · ᠢᠳᠡᠭᠡᠨ ᠤ ᠵᠢᠭᠡᠯᠡᠯᠭᠡ ᠶᠢᠨ ᠣᠶᠢᠯᠠᠯᠭ᠎ᠠ︾ ᠳᠤ᠄ ᠬᠢᠲᠠᠳ ᠬᠥᠮᠥᠨ ᠪᠣᠷᠣᠲᠣᠬᠤᠢ ᠳᠤ ᠣᠴᠢᠵᠤ ᠵᠢᠭᠠᠰᠤ ᠠᠩᠨᠠᠵᠤ᠂ | ᠤᠰᠤ ᠲᠠᠲᠠᠳᠠᠭ ᠭᠠᠵᠠᠷ ᠲᠤ ︽ᠪᠣᠭᠤᠲᠠᠢ ᠠᠴᠠ ᠤᠰᠤ ᠠᠪᠴᠤ ᠲᠤᠷᠰᠢᠨ ᠲᠠᠷᠢᠵᠤ᠂ ᠶᠡᠭᠡ ᠠᠰᠢᠭ ᠣᠯᠵᠠᠢ︾ ᠭᠡᠵᠦ ᠲᠡᠮᠳᠡᠭᠯᠡᠵᠡᠢ᠃ ᠪᠠᠰᠠ ︽ᠴᠢᠩ | ᠤᠯᠤᠰ ᠤᠨ ᠳᠡᠤᠬᠡ ᠶᠢᠨ ᠨᠤᠤᠷᠠᠭ︾ ᠲᠤ ᠲᠡᠮᠳᠡᠭᠯᠡᠭᠰᠡᠨ ᠢᠶᠠᠷ᠄ ᠲᠥᠷᠥ ᠭᠡᠷᠡᠯᠲᠦ ᠶᠢᠨ ᠨᠠᠢᠮᠠᠳᠤᠭᠠᠷ ᠣᠨ ᠳᠤ ᠡᠩᠬᠡ ᠠᠮᠤᠭᠤᠯᠠᠩ ᠤᠨ ᠵᠠᠷᠯᠢᠭ ᠪᠠᠭᠤᠯᠭᠠᠭᠰᠠᠨ ᠳᠤ | ᠣᠨᠴᠠᠭᠠᠶᠢᠯᠠᠨ ᠵᠠᠰᠠᠪᠤᠷᠢ ᠣᠷᠣᠭᠤᠯᠤᠭᠰᠠᠨ ᠠᠴᠠ ᠠᠯᠲᠠᠨ ᠭᠠᠵᠠᠷ ᠣᠷᠢᠶᠠᠵᠤ ᠠᠲᠠᠷ ᠬᠠᠭᠠᠯᠪᠤᠷᠢᠯᠠᠨ ᠲᠠᠷᠢᠶ᠎ᠠ ᠲᠠᠷᠢᠬᠤ ᠶᠢ ᠵᠥᠪᠰᠢᠶᠡᠷᠡᠵᠡᠢ᠃ ᠡᠭᠦᠨ ᠠᠴᠠ | ᠬᠤᠶᠢᠰᠢ ︽ᠮᠣᠩᠭᠤᠯ᠂ ᠬᠢᠲᠠᠳ ᠲᠦᠷᠢᠶᠡᠰᠦ᠂ ᠬᠢᠲᠠᠳ ᠮᠣᠩᠭᠤᠯ ᠭᠠᠵᠠᠷ︾ ᠪᠣᠯᠪᠠ᠃ ᠭᠠᠵᠠᠷ ᠰᠢᠷᠤᠢ ᠶᠢᠨ ᠠᠷᠠᠯᠵᠢᠶᠠᠴᠢᠳ ᠤᠨ ᠬᠠᠤᠯᠢ ᠶᠤᠰᠤᠨ ᠤ ᠪᠠᠶᠢᠷᠢ | ᠰᠠᠭᠤᠷᠢ ᠶᠢ ᠲᠠᠭᠠᠭᠠᠴᠢᠯᠠᠭᠰᠠᠨ ᠪᠤᠯᠪᠠᠴᠤ ᠬᠡᠪᠴᠢᠶᠡᠵᠢᠯ ᠤᠨ ᠴᠢᠨᠠᠷᠳᠠᠢ ᠲᠠᠷᠢᠶᠠᠯᠠᠩ ᠤᠨ ᠨᠡᠭᠡᠭᠡᠯᠳᠡ ᠪᠠ ᠨᠡᠯᠢᠶᠡᠳ ᠶᠡᠭᠡ ᠤᠰᠤᠨ ᠠᠰᠢᠬᠯᠠᠯᠳᠠ ᠶᠢᠨ ᠪᠦᠳᠦᠭᠡᠨ | ᠪᠠᠶᠢᠭᠤᠯᠤᠯᠳᠠ ᠵᠢᠩᠬᠢᠨᠢ ᠪᠠᠷ ᠡᠬᠢᠯᠡᠪᠡ᠃ | ᠲᠥᠷᠥ ᠭᠡᠷᠡᠯ᠂ ᠲᠦᠭᠡᠮᠡᠯ ᠡᠯᠪᠡᠭᠲᠦ ᠶᠢᠨ ᠳᠠᠷᠠᠭ᠎ᠠ᠂ ᠪᠠᠷᠠᠭᠤᠨ ᠠᠭᠤᠯᠵᠠᠷ ᠠᠴᠠ ᠢᠷᠡᠭᠰᠡᠨ ᠪᠣᠷᠣᠲᠣᠬᠤᠶ ᠶᠢᠨ ᠨᠡᠭᠦᠳᠡᠯ ᠠᠷᠠᠳ ᠵᠢᠯ ᠳᠠᠷᠠᠭᠠᠯᠠᠨ ᠨᠡᠮᠡᠭᠳᠡᠵᠦ | ᠪᠠᠶᠢᠨ᠎ᠠ᠂ ᠲᠡᠳᠡ ᠬᠠᠲᠤᠨ ᠭᠤᠤᠯ ᠤᠨ ᠰᠡᠲᠡᠷᠡᠯᠯᠡᠭᠰᠡᠨ᠂ ᠬᠠᠭᠤᠴᠢᠨ ᠭᠤᠤᠯ ︵ᠦᠵᠦᠭᠦᠷ ᠭᠤᠤᠯ ᠨᠢ ᠬᠠᠲᠤᠨ ᠭᠤᠤᠯ ᠤᠨ ᠬᠠᠭᠤᠴᠢᠨ ᠭᠤᠯᠳᠤᠷᠢᠯ︶ ᠭᠤᠤ | ᠵᠢᠴᠢ ᠬᠤᠲᠣᠭᠤᠷ ᠭᠠᠵᠠᠷ ᠤᠨ ᠪᠠᠶᠢᠴᠠ ᠶᠢ ᠠᠰᠢᠭᠯᠠᠨ᠂ ᠰᠤᠪᠠᠭ ᠮᠠᠯᠲᠠᠵᠤ᠂ ᠤᠰᠤᠯᠠᠵᠤ ᠳᠠᠷᠢᠵᠤ᠂ ᠡᠬᠢᠨ ᠳᠤ ᠪᠠᠨ ᠥᠷᠭᠡᠨ ᠢᠶᠠᠷ ᠳᠠᠷᠢᠵᠤ ᠪᠠᠭ᠎ᠠ ᠬᠤᠷᠢᠶᠠᠵᠤ | ᠪᠠᠶᠢᠭᠰᠠᠨ ᠪᠣᠯᠪᠠᠴᠤ ᠨᠡᠯᠢᠶᠡᠳ ᠠᠰᠢᠭ ᠬᠤᠨᠵᠢᠪᠣᠷᠢ ᠣᠯᠵᠤ ᠪᠠᠶᠢᠵᠠᠢ᠃ ᠴᠥᠭᠡᠨ ᠲᠣᠭᠠᠨ ᠤ ᠭᠠᠵᠠᠷ ᠤᠨ ᠠᠷᠠᠯᠵᠢᠶᠠᠴᠢᠳ ᠮᠣᠩᠭᠤᠯ ᠬᠤᠰᠢᠭᠤᠨ ᠤ ᠸᠠᠩ ᠭᠦᠩ | ᠪᠠ ᠵᠣᠣ᠂ ᠰᠦᠮ᠎ᠡ ᠠᠴᠠ ᠶᠡᠭᠡ ᠬᠡᠮᠵᠢᠶᠡᠨ ᠤ ᠭᠠᠵᠠᠷ ᠲᠦᠷᠢᠶᠡᠰᠦᠯᠡᠨ ᠥᠭᠴᠦ᠂ ᠨᠡᠭᠦᠳᠡᠯ ᠠᠷᠠᠳ ᠲᠤ ᠰᠢᠯᠵᠢᠭᠦᠯᠦᠨ ᠲᠦᠷᠢᠶᠡᠰᠦᠯᠡᠨ ᠥᠭᠴᠦ᠂ | ᠳᠤᠮᠳᠠ ᠠᠴᠠ ᠨᠢ ᠠᠰᠢᠭ ᠣᠯᠵᠤ ᠪᠠᠶᠢᠪᠠ᠃ ᠶᠡᠭᠡ ᠬᠡᠮᠵᠢᠶᠡᠨ ᠤ ᠤᠰᠤᠨ ᠰᠤᠪᠠᠭ ᠨᠢ ᠬᠤᠶᠠᠷ ᠡᠷᠬᠢ ᠶᠢᠨ ᠭᠠᠵᠠᠷ ᠰᠢᠷᠤᠢ ᠶᠢ ᠨᠡᠭᠡᠭᠡᠨ ᠠᠰᠢᠭᠯᠠᠵᠤ ᠪᠤᠯᠤᠨ᠎ᠠ᠃ | ᠭᠠᠵᠠᠷ ᠰᠢᠷᠣᠢ ᠶᠢᠨ ᠬᠤᠳᠠᠯᠳᠤᠭᠠᠴᠢᠨ ᠭᠠᠵᠠᠷ ᠰᠢᠷᠣᠢ ᠡᠵᠡᠩᠨᠡᠬᠦ ᠠᠷᠭ᠎ᠠ ᠮᠠᠶ᠋ᠢᠭ ᠨᠢ ᠭᠠᠵᠠᠷ ᠰᠢᠷᠣᠢ ᠲᠦᠷᠢᠶᠡᠰᠦᠯᠡᠭᠦᠯᠬᠦ ᠪᠠ ᠠᠵᠢᠯᠴᠢᠨ ᠬᠥᠯᠥᠰᠦᠯᠡᠨ ᠡᠵᠡᠩᠨᠡᠬᠦ | ᠬᠤᠶᠠᠷ ᠵᠦᠢᠯ ᠪᠠᠶᠢᠳᠠᠭ᠃ ᠰᠠᠶᠢᠨ ᠭᠠᠵᠠᠷ ᠢ ᠭᠠᠳᠠᠬᠰᠢ ᠳᠦᠷᠢᠶᠡᠰᠦᠯᠡᠬᠦ ᠳᠤ ᠬᠠᠭᠠᠰ ᠢᠶᠠᠷ ᠬᠤᠪᠢᠶᠠᠵᠤ᠂ ᠲᠣᠰ ᠭᠠᠵᠠᠷ ᠢ ᠳᠦᠷᠪᠡ ᠵᠢᠷᠭᠤᠭ᠎ᠠ ᠪᠠᠷ ᠬᠤᠪᠢᠶᠠᠪᠠ᠃ | | | | | | | | | |