ᠠᠮᠤᠷ ᠲᠦᠪᠰᠢᠨ ᠡᠶ᠎ᠡ ᠵᠣᠬᠢᠴᠠᠯ ᠲᠠᠢ ᠰᠤᠷᠭᠠᠭᠤᠯᠢ ᠶᠢᠨ ᠬᠦᠷᠢᠶᠡᠨ ᠤ ᠣᠷᠴᠢᠨ ᠲᠣᠭᠤᠷᠢᠨ ᠢ ᠪᠣᠶ ᠪᠣᠯᠭᠠᠵᠤ᠂ ᠰᠤᠷᠭᠠᠭᠤᠯᠢ ᠶᠢᠨ ᠬᠦᠷᠢᠶᠡᠨ ᠤ | ᠳᠣᠷᠣᠮᠵᠢᠯᠠᠯ ᠵᠡᠷᠭᠡ ᠬᠡᠷᠡᠭ ᠡᠭᠦᠰᠬᠦ ᠶᠢ ᠤᠷᠢᠳᠴᠢᠯᠠᠨ ᠰᠡᠷᠭᠡᠶᠢᠯᠡᠵᠦ᠂ ᠰᠤᠷᠤᠭᠴᠢᠳ ᠤᠨ ᠥᠪᠡᠷ ᠢ ᠪᠠᠨ ᠬᠠᠮᠠᠭᠠᠯᠠᠬᠤ ᠤᠬᠠᠮᠰᠠᠷ ᠢ ᠴᠢᠩᠭᠠᠳᠬᠠᠬᠤ ᠶᠢᠨ ᠲᠥᠯᠥᠭᠡ᠂ | 3 ᠰᠠᠷ᠎ᠠ ᠶᠢᠨ 4 ᠤ ᠡᠳᠦᠷ᠂ ᠬᠠᠩᠭᠢᠨ ᠬᠤᠶᠢᠲᠤ ᠬᠤᠰᠢᠭᠤᠨ ᠤ ᠳᠣᠲᠣᠭᠠᠳᠤ ᠶᠢ ᠬᠠᠮᠠᠭᠠᠯᠠᠬᠤ ᠲᠣᠪᠴᠢᠶ᠎ᠠ ᠶᠢᠨ ᠤᠬᠠᠭᠤᠯᠭ᠎ᠠ ᠬᠥᠮᠦᠵᠢᠯ ᠤᠨ ᠰᠢᠨᠵᠢᠯᠡᠬᠦ | ᠤᠬᠠᠭᠠᠨ᠂ ᠰᠢ ᠴᠧᠩ ᠲᠣᠭᠤᠷᠢᠭ ᠤᠨ ᠲᠣᠮᠢᠯᠠᠭᠰᠠᠨ ᠰᠠᠯᠪᠤᠷᠢ ᠶᠢᠨ ᠠᠷᠠᠳ ᠤᠨ ᠴᠠᠭᠳᠠᠭ᠎ᠠ ᠰᠢ ᠴᠧᠩ ᠪᠠᠭ᠎ᠠ ᠰᠤᠷᠭᠠᠭᠤᠯᠢ ᠳᠤ ᠬᠦᠷᠴᠦ᠂ ᠰᠤᠷᠤᠯᠭ᠎ᠠ ᠡᠬᠢᠯᠡᠬᠦ | ᠶᠣᠰᠣᠯᠠᠯ ᠳᠡᠭᠡᠷ᠎ᠡ ᠰᠤᠷᠤᠭᠴᠢᠳ ᠲᠤ ︽ᠰᠤᠷᠤᠯᠭ᠎ᠠ ᠡᠬᠢᠯᠡᠬᠦ ᠠᠮᠤᠷ ᠲᠦᠪᠰᠢᠨ ᠤ ᠨᠢᠭᠡᠳᠦᠭᠡᠷ ᠬᠢᠴᠢᠶᠡᠯ︾ ᠢ ᠵᠢᠭᠠᠨ ᠰᠤᠷᠭᠠᠭᠰᠠᠨ ᠪᠠᠶᠢᠨ᠎ᠠ᠃ | | | | ᠰᠤᠷᠤᠯᠭ᠎ᠠ ᠡᠬᠢᠯᠡᠬᠦ ᠶᠣᠰᠣᠯᠠᠯ ᠳᠡᠭᠡᠷ᠎ᠡ᠂ ᠠᠷᠠᠳ ᠤᠨ ᠴᠠᠭᠳᠠᠭ᠎ᠠ ᠦᠨᠡᠨ ᠪᠣᠳᠠᠲᠠᠶ ᠬᠡᠷᠡᠭ ᠤᠨ ᠵᠢᠱᠢᠶ᠎ᠡ ᠲᠠᠢ ᠤᠶᠠᠯᠳᠤᠭᠤᠯᠤᠨ᠂ ᠰᠤᠷᠭᠠᠭᠤᠯᠢ ᠶᠢᠨ | ᠬᠦᠷᠢᠶᠡᠨ ᠤ ᠳᠣᠷᠣᠮᠵᠢᠯᠠᠯ ᠤᠨ ᠲᠣᠮᠢᠶᠠᠯᠠᠯ᠂ ᠢᠯᠡᠷᠡᠭᠦᠯᠬᠦ ᠬᠡᠯᠪᠡᠷᠢ ᠵᠢᠴᠢ ᠬᠤᠤᠷ ᠬᠥᠨᠥᠭᠡᠯ ᠢ ᠵᠠᠳᠠᠯᠵᠤ᠂ ᠰᠤᠷᠤᠭᠴᠢᠳ ᠲᠤ ᠰᠤᠷᠭᠠᠭᠤᠯᠢ ᠶᠢᠨ ᠬᠦᠷᠢᠶᠡᠨ ᠤ | ᠳᠣᠷᠣᠮᠵᠢᠯᠠᠯ ᠤᠨ ᠬᠦᠨᠳᠦ ᠨᠣᠴᠢᠲᠠᠶ ᠴᠢᠨᠠᠷ ᠢ ᠭᠦᠨᠵᠡᠭᠡᠶ ᠲᠠᠨᠢᠭᠤᠯᠪᠠ᠃ ᠲᠠᠶᠢᠯᠪᠤᠷᠢᠯᠠᠬᠤ ᠶᠠᠪᠤᠴᠠ ᠳᠤ᠂ ᠠᠷᠠᠳ ᠤᠨ ᠴᠠᠭᠳᠠᠭ᠎ᠠ ᠪᠠᠰᠠ ᠪᠣᠳᠠᠲᠤ ᠬᠡᠷᠡᠭ ᠤᠨ | ᠵᠢᠱᠢᠶ᠎ᠡ ᠲᠠᠢ ᠪᠠᠨ ᠤᠶᠠᠯᠳᠤᠭᠤᠯᠤᠨ᠂ ᠰᠤᠷᠭᠠᠭᠤᠯᠢ ᠶᠢᠨ ᠬᠦᠷᠢᠶᠡᠨ ᠤ ᠳᠣᠷᠣᠮᠵᠢᠯᠠᠯ ᠢ ᠠᠷᠭᠠᠴᠠᠭᠠᠬᠤ ᠦᠶ᠎ᠡ ᠳᠤ ᠲᠤᠯᠭᠠᠷᠠᠵᠤ ᠮᠡᠳᠡᠬᠦ ᠠᠰᠠᠭᠤᠳᠠᠯ ᠢ ᠭᠦᠨᠵᠡᠭᠡᠶ | ᠵᠠᠳᠠᠯᠤᠭᠰᠠᠨ ᠪᠥᠭᠡᠳ ᠰᠢᠢᠳᠪᠦᠷᠢᠯᠡᠬᠦ ᠲᠥᠰᠦᠯ ᠳᠤᠷᠠᠳᠴᠠᠶ᠃ ᠡᠭᠦᠨ ᠤ ᠬᠠᠮᠲᠤ᠂ ᠰᠤᠷᠤᠭᠴᠢᠳ ᠰᠤᠷᠭᠠᠭᠤᠯᠢ ᠶᠢᠨ ᠬᠦᠷᠢᠶᠡᠨ ᠤ ᠳᠣᠷᠣᠮᠵᠢᠯᠠᠯ ᠲᠤᠯᠭᠠᠷᠠᠬᠤ | ᠦᠶ᠎ᠡ ᠳᠤ ᠵᠣᠷᠢᠭᠲᠠᠶ ᠪᠠᠷ ︽ᠦᠭᠡᠢ︾ ᠭᠡᠵᠦ ᠬᠡᠯᠡᠨ᠂ ᠪᠠᠭᠰᠢ᠂ ᠭᠡᠷ ᠤᠨ ᠠᠬᠠᠮᠠᠳ ᠪᠤᠶᠤ ᠴᠠᠭᠳᠠᠭ᠎ᠠ ᠳᠤ ᠴᠠᠭ ᠲᠤᠬᠠᠶ ᠳᠤᠨᠢ ᠲᠤᠰᠠᠯᠠᠮᠵᠢ ᠭᠤᠶᠤᠬᠤ ᠶᠢ | ᠵᠣᠷᠢᠭᠵᠢᠭᠤᠯᠬᠤ ᠶᠢᠨ ᠬᠠᠮᠲᠤ ᠰᠤᠷᠤᠭᠴᠢᠳ ᠲᠤ ᠪᠤᠰᠤᠳ ᠢ ᠬᠦᠨᠳᠦᠳᠬᠡᠵᠦ᠂ ᠨᠥᠬᠦᠷᠰᠡᠭ ᠪᠠᠶᠢᠬᠤ᠂ ᠪᠠᠭᠲᠠᠭᠠᠮᠵᠢᠲᠠᠶ ᠰᠤᠷᠭᠠᠭᠤᠯᠢ ᠶᠢᠨ ᠬᠦᠷᠢᠶᠡᠨ ᠤ ᠠᠭᠤᠷ | ᠠᠮᠢᠰᠬᠤᠯ ᠢ ᠬᠠᠮᠲᠤ ᠪᠠᠷ ᠪᠣᠶ ᠪᠣᠯᠭᠠᠬᠤ ᠬᠡᠷᠡᠭᠲᠡᠶ ᠭᠡᠵᠦ ᠵᠢᠭᠠᠨ ᠵᠢᠯᠣᠭᠤᠳᠪᠠ᠃ ᠳᠠᠷᠠᠭ᠎ᠠ ᠨᠢ᠂ ᠠᠷᠠᠳ ᠤᠨ ᠴᠠᠭᠳᠠᠭ᠎ᠠ ᠣᠶᠢᠷ᠎ᠠ ᠶᠢᠨ ᠬᠤᠭᠤᠴᠠᠭᠠᠨ ᠳᠤ | ᠡᠭᠦᠰᠦᠭᠰᠡᠨ ᠨᠡᠶᠢᠲᠡᠯᠢᠭ ᠬᠡᠷᠡᠭ ᠤᠨ ᠵᠢᠱᠢᠶ᠎ᠡ ᠲᠠᠢ ᠤᠶᠠᠯᠳᠤᠭᠤᠯᠤᠨ᠂ ᠰᠤᠷᠤᠭᠴᠢᠳ ᠲᠤ ᠰᠦᠯᠵᠢᠶᠡᠨ ᠤ ᠠᠮᠤᠷ ᠲᠦᠪᠰᠢᠨ ᠤ ᠶᠡᠷᠦ ᠶᠢᠨ ᠮᠡᠳᠡᠯᠭᠡ ᠵᠢᠴᠢ | ᠦᠷᠭᠦᠯᠵᠢ ᠲᠣᠬᠢᠶᠠᠯᠳᠤᠳᠠᠭ ᠴᠠᠬᠢᠯᠭᠠᠨ ᠬᠤᠯᠪᠣᠭᠠᠨ ᠤ ᠮᠡᠬᠡᠯᠡᠯ ᠤᠨ ᠠᠷᠭ᠎ᠠ ᠪᠠᠷᠢᠯ ᠢ ᠨᠠᠷᠢᠨ ᠲᠠᠶᠢᠯᠪᠤᠷᠢᠯᠠᠪᠠ᠂ ᠵᠢᠱᠢᠶᠡᠯᠡᠪᠡᠯ ᠲᠠᠨᠢᠯ ᠬᠥᠮᠦᠨ ᠤ ᠮᠡᠬᠡᠯᠡᠯ᠂ | ᠰᠦᠯᠵᠢᠶᠡᠨ ᠤ ᠬᠠᠭᠤᠳᠠᠰᠤ ᠰᠢᠷᠪᠢᠵᠦ ᠮᠡᠬᠡᠯᠡᠬᠦ᠂ ᠬᠤᠳᠠᠯ ᠬᠠᠭᠤᠷᠮᠠᠭ ᠳᠤᠮᠳᠠ ᠱᠠᠩᠨᠠᠯ ᠤᠨ ᠮᠡᠳᠡᠭᠡ ᠵᠠᠩᠭᠢ᠂ ᠲᠣᠭᠯᠠᠭᠠᠮ ᠤᠨ ᠨᠡᠶᠢᠭᠡᠮ ᠤᠨ ᠬᠠᠷᠢᠯᠴᠠᠭᠠᠨ ᠤ | ᠳᠠᠩᠰᠠᠨ ᠨᠣᠮᠧᠷ ᠢᠶᠠᠷ ᠠᠷᠠᠯᠵᠢᠶᠠᠯᠠᠬᠤ ᠮᠡᠬᠡᠯᠡᠯ ᠵᠡᠷᠭᠡ ᠶᠢ ᠨᠠᠷᠢᠨ ᠲᠠᠶᠢᠯᠪᠤᠷᠢᠯᠠᠪᠠ᠃ ᠠᠷᠠᠳ ᠤᠨ ᠴᠠᠭᠳᠠᠭ᠎ᠠ ᠪᠠᠰᠠ ᠰᠤᠷᠤᠭᠴᠢᠳ ᠲᠤ ︽ᠭᠤᠷᠪᠠ ᠥᠬᠡᠶ ᠨᠢᠭᠡ | ᠠᠷᠪᠢᠨ︾ ᠵᠠᠷᠴᠢᠮ ᠵᠢᠭᠠᠵᠤ ᠥᠭᠴᠡᠶ᠂ ᠳᠠᠷᠤᠶ ᠲᠠᠨᠢᠬᠤ ᠥᠬᠡᠶ ᠤᠲᠠᠰᠤ᠂ ᠣᠬᠤᠷ ᠮᠡᠳᠡᠭᠡ ᠪᠠ ᠰᠦᠯᠵᠢᠶᠡᠨ ᠤ ᠮᠡᠳᠡᠭᠡ ᠵᠠᠩᠭᠢ ᠶᠢ ᠠᠮᠠᠷᠬᠠᠨ ᠢᠲᠡᠭᠡᠬᠦ ᠥᠬᠡᠶ︔ | ᠲᠠᠨᠢᠯ ᠪᠤᠰᠤ ᠬᠥᠮᠦᠨ ᠳᠤ ᠬᠤᠪᠢ ᠬᠥᠮᠦᠨ ᠵᠢᠴᠢ ᠬᠡᠷ ᠪᠦᠯᠢ ᠶᠢᠨ ᠮᠡᠳᠡᠭᠡ ᠵᠠᠩᠭᠢ ᠶᠢ ᠵᠠᠳᠠᠷᠠᠭᠤᠯᠬᠤ ᠥᠬᠡᠶ︔ ᠲᠠᠨᠢᠯ ᠪᠤᠰᠤ ᠬᠥᠮᠦᠨ ᠳᠤ ᠲᠠᠩᠰᠠ ᠰᠢᠯᠵᠢᠭᠦᠯᠦᠨ | ᠵᠣᠭᠤᠰ ᠭᠤᠪᠢᠭᠤᠯᠬᠤ ᠥᠬᠡᠶ︔ ᠰᠡᠵᠢᠭ ᠲᠠᠢ ᠪᠠᠶᠢᠳᠠᠯ ᠲᠣᠬᠢᠶᠠᠯᠳᠤᠪᠠᠯ ᠴᠠᠭ ᠲᠤᠬᠠᠶ ᠳᠤᠨᠢ ᠬᠡᠷ ᠤᠨ ᠠᠬᠠᠮᠠᠳ᠂ ᠪᠠᠭᠰᠢ ᠪᠤᠶᠤ ᠴᠠᠭᠳᠠᠭᠠᠨ ᠤ ᠲᠠᠯ᠎ᠠ ᠠᠴᠠ | ᠬᠢᠨᠠᠨ ᠬᠠᠷᠭᠤᠭᠤᠯᠤᠨ᠎ᠠ᠃ ᠠᠷᠠᠳ ᠤᠨ ᠴᠠᠭᠳᠠᠭ᠎ᠠ ᠪᠠᠰᠠ ᠰᠤᠷᠤᠭᠴᠢᠳ ᠲᠤ ᠰᠠᠨᠠᠭᠤᠯᠬᠤ ᠳᠠᠭᠠᠨ᠂ ᠬᠡᠷᠪᠡ ᠥᠪᠡᠷ ᠤᠨ ᠪᠡᠶ᠎ᠡ ᠪᠤᠶᠤ ᠬᠡᠷ ᠤᠨ ᠬᠥᠮᠦᠰ ᠨᠢ ᠮᠡᠬᠡᠯᠡᠯ | ᠤᠴᠠᠷᠠᠭᠤᠯᠵᠤ ᠮᠡᠳᠡᠬᠦ ᠶᠢ ᠣᠯᠵᠤ ᠮᠡᠳᠡᠪᠡᠯ᠂ ᠳᠠᠷᠦ᠋ᠢᠬᠠᠨ 110 ᠴᠠᠭᠳᠠᠭ᠎ᠠ ᠳᠤ ᠤᠲᠠᠰᠤᠳᠠᠬᠤ ᠶᠢᠨ ᠬᠠᠮᠲᠤ ᠬᠤᠯᠪᠣᠭᠳᠠᠯ ᠪᠥᠬᠦᠶ ᠭᠡᠷᠡᠴᠢ ᠪᠠᠷᠢᠮᠲᠠ ᠶᠢ ᠰᠠᠶᠢᠲᠤᠷ | ᠬᠠᠳᠠᠭᠠᠯᠠᠵᠤ᠂ ᠴᠠᠭᠳᠠᠭᠠᠨ ᠤ ᠲᠠᠯ᠎ᠠ ᠶᠢᠨ ᠴᠠᠭ ᠲᠤᠬᠠᠶ ᠳᠤᠨᠢ ᠰᠢᠶ᠋ᠳᠪᠦᠷᠢᠯᠡᠬᠦ ᠳᠤ ᠲᠥᠬᠦᠮ ᠦᠵᠡᠭᠦᠯᠬᠦ ᠬᠡᠷᠡᠭᠲᠡᠶ᠃ | | | | ᠲᠣᠰ ᠤᠳᠠᠭᠠᠨ ᠤ ︽ᠰᠤᠷᠭᠠᠭᠤᠯᠢ ᠡᠬᠢᠯᠡᠬᠦ ᠠᠮᠤᠷ ᠲᠦᠪᠰᠢᠨ ᠤ ᠠᠩᠬᠠᠨ ᠤ ᠬᠢᠴᠢᠶᠡᠯ︾ ᠨᠢ ᠪᠠᠭᠰᠢ ᠰᠤᠷᠤᠭᠴᠢᠳ ᠤᠨ ᠠᠮᠤᠷ ᠲᠦᠪᠰᠢᠨ ᠤ ᠤᠬᠠᠮᠰᠠᠷ ᠢ | ᠨᠡᠮᠡᠭᠳᠡᠭᠦᠯᠦᠭᠰᠡᠨ ᠢᠶᠠᠷ ᠪᠠᠷᠠᠬᠤ ᠥᠬᠡᠶ᠂ ᠠᠮᠤᠷ ᠲᠦᠪᠰᠢᠨ᠂ ᠡᠶ᠎ᠡ ᠵᠣᠬᠢᠴᠠᠯ ᠲᠠᠢ ᠰᠤᠷᠭᠠᠭᠤᠯᠢ ᠶᠢᠨ ᠬᠦᠷᠢᠶᠡᠨ ᠤ ᠣᠷᠴᠢᠨ ᠲᠣᠭᠤᠷᠢᠨ ᠢ ᠪᠣᠶ ᠪᠣᠯᠭᠠᠬᠤ ᠳᠤ ᠪᠠᠲᠤ | ᠪᠠᠬᠢ ᠰᠠᠭᠤᠷᠢ ᠶᠢ ᠲᠠᠯᠪᠢᠵᠤ ᠥᠭᠴᠡᠶ᠃ ᠲᠠᠷᠠᠭᠠᠴᠢ ᠶᠢᠨ ᠠᠯᠬᠤᠮ ᠳᠤ ᠬᠠᠩᠭᠢᠨ ᠬᠤᠶᠢᠲᠤ ᠬᠤᠰᠢᠭᠤᠨ ᠤ ᠳᠣᠲᠣᠭᠠᠳᠤ ᠶᠢ ᠬᠠᠮᠠᠭᠠᠯᠠᠬᠤ ᠲᠣᠪᠴᠢᠶ᠎ᠠ | ᠰᠤᠷᠭᠠᠭᠤᠯᠢ ᠶᠢᠨ ᠬᠦᠷᠢᠶᠡᠨ ᠤ ᠠᠮᠤᠷ ᠲᠦᠪᠰᠢᠨ ᠤ ᠤᠬᠠᠭᠤᠯᠭ᠎ᠠ ᠬᠥᠮᠦᠵᠢᠯ ᠤᠨ ᠠᠵᠢᠯᠯᠠᠭ᠎ᠠ ᠶᠢ ᠦᠷᠭᠦᠯᠵᠢᠯᠡᠨ ᠥᠷᠨᠢᠭᠦᠯᠵᠦ᠂ ᠥᠷᠭᠡᠨ ᠣᠯᠠᠨ ᠪᠠᠭᠰᠢ | ᠰᠤᠷᠤᠭᠴᠢᠳ ᠤᠨ ᠠᠮᠤᠷ ᠲᠦᠪᠰᠢᠨ ᠢ ᠬᠠᠮᠠᠭᠠᠯᠠᠬᠤ ᠪᠣᠯᠤᠨ᠎ᠠ᠃ | |